Laman

Олон төрлийн хөтөч дээр хэрхэн монгол үсгээ босоогоор илэрхийлэх вэ?

0 ᠰᠡᠳᠭᠢᠭᠳᠡᠯ

ᠥᠨᠦᠳᠦᠷ ᠦᠨ ᠰᠡᠳᠦᠪ᠄ ᠣᠯᠡᠡ ᠵᠦᠢᠯ ᠦᠨ ᠬᠥᠲᠦᠴᠢ (Browser) ᠲᠡᠭᠡᠷᠡᠡ ᠬᠡᠷᠬᠢᠨ ᠮᠣᠩᠭᠣᠯ ᠦᠰᠦᠭ ᠢᠶᠡᠨ ᠪᠣᠰᠤᠭ᠎ᠠ ᠪᠠᠷ ᠢᠯᠡᠷᠡᠭᠦᠯᠬᠦ ᠪᠤᠢ? ᠡᠯᠡᠡ ᠵᠦᠢᠯ ᠬᠥᠲᠦᠴᠢ ᠶᠢᠨ ᠬᠡᠷᠡᠭᠯᠡᠭᠳᠡᠵᠦ ᠪᠠᠢᠢᠭ᠎ᠠ ᠬᠠᠷᠢᠴᠠᠯ ᠢ ᠳᠣᠤᠷᠠᠬᠢ ᠬᠣᠯᠪᠤᠭᠠᠰᠤ ᠡᠴᠠ ᠮᠡᠳᠡᠵᠦ ᠪᠣᠯᠬᠤ ᠶᠤᠮ᠃ (http://www.w3schools.com/browsers/browsers_stats.asp ) ᠡᠨᠡ ᠲᠠᠪᠤᠨ ᠵᠦᠢᠯ ᠦᠨ ᠬᠥᠲᠦᠴᠢ ᠪᠣᠯ ᠣᠳᠤ (2013/4/16) ᠬᠠᠮᠤᠭ ᠤᠨ ᠣᠯᠠᠨ ᠬᠡᠷᠡᠭᠯᠡᠭᠳᠡᠵᠦ ᠪᠠᠢᠢᠭ᠎ᠠ ᠬᠥᠲᠦᠴᠢ ᠶᠤᠮ ᠪᠠᠢᠢᠨ᠎ᠠ᠃ ᠡᠭᠦᠨ ᠡᠴᠡ ᠭᠠᠳᠠᠨ᠎ᠠ ᠪᠠᠰᠠ ᠲᠣᠩ ᠣᠯᠠᠨ ᠵᠦᠢᠯ ᠪᠠᠭ᠎ᠠ ᠬᠥᠲᠦᠴᠢ ᠪᠠᠢᠢᠭ᠎ᠠ᠂ ᠡᠨᠳᠡ ᠡᠳᠡᠭᠡᠷ ᠢ ᠶᠠᠷᠢᠬᠤ ᠦᠭᠡᠢ᠃ ᠬᠠᠮᠤᠭ ᠤᠨ ᠥᠷᠭᠡᠨ ᠬᠡᠷᠡᠭᠯᠡᠭᠳᠡᠵᠦ ᠪᠠᠢᠢᠭ᠎ᠠ ᠨᠢ chrome ᠶᠤᠮ ᠪᠠᠢᠢᠨ᠎ᠠ᠂ 51% ᠡᠵᠢᠯᠯᠡᠵᠦ ᠪᠠᠢᠢᠨ᠎ᠠ᠃ google ᠺᠣᠮᠫᠠᠨᠢ ᠶᠢᠨ ᠪᠦᠲᠦᠭᠡᠭᠳᠡᠬᠦᠨ᠂ webkit ᠭᠡᠰᠡᠨ ᠬᠥᠳᠡᠯᠭᠡᠭᠦᠷ (?) ᠲᠠᠢ᠃ ᠠᠳᠠᠯᠢᠬᠠᠨ webkit ᠬᠡᠷᠡᠭᠯᠡᠭᠰᠡᠨ ᠬᠥᠲᠦᠴᠢ ᠭᠡᠪᠡᠯ ᠬᠠᠵᠠᠭᠰᠠᠨ ᠠᠯᠢᠮᠠᠠ ᠶᠢᠨ safari ᠪᠠᠢᠢᠨ᠎ᠠ᠃ ᠡᠳᠡᠭᠡᠷ webkit ᠭᠡᠷᠡᠭᠯᠡᠭᠰᠡᠨ ᠬᠥᠲᠦᠴᠢ ᠪᠣᠯ -webkit-writing-mode: vertical-lr; ᠪᠤᠶᠤ writing-mode: vertical-lr; ᠭᠡᠰᠡᠨ CSS ᠬᠡᠷᠡᠭᠯᠡᠪᠡᠯ ᠮᠣᠩᠭᠣᠯ ᠪᠢᠴᠢᠭ᠌ ᠢᠶᠠᠨ ᠪᠣᠰᠤᠭ᠎ᠠ ᠪᠠᠷ ᠢᠯᠡᠷᠡᠭᠦᠯᠵᠦ ᠪᠣᠯᠬᠤ ᠶᠤᠮ ᠡ᠃ ᠭᠠᠭᠴᠠ ᠡᠨᠡ ᠠᠷᠭ᠎ᠠ ᠪᠠᠷ ᠪᠣᠰᠤᠭ᠎ᠠ ᠪᠠᠷ ᠪᠢᠴᠢᠵᠦ ᠪᠣᠯᠬᠤ ᠦᠭᠡᠢ ᠪᠣᠯᠵᠠᠢ᠃ (ᠮᠢᠨᠤ ᠮᠡᠳᠡᠬᠦ ᠪᠡᠷ chrome ᠬᠤᠪᠢᠯᠪᠤᠷᠢ 19 ᠬᠦᠷᠲᠡᠯ᠎ᠡ ᠪᠣᠯ ᠪᠢᠴᠢᠵᠤ ᠪᠣᠯᠵᠤ ᠪᠠᠢᠢᠭᠰᠠᠨ) ᠸᠢᠲ᠋ᠧᠨᠠᠮ ᠳᠤ ᠮᠣᠲ᠋ᠣᠼᠢᠺᠡᠯ  ᠢ (ᠮᠣᠲ᠋ᠣᠷ) ᠾᠣᠨᠳᠠ (Honda) ᠭᠡᠳᠡᠭ ᠶᠤᠮ ᠭᠡᠨᠡᠡ᠃ Internet Explorer ᠭᠡᠳᠡᠭ ᠤᠷᠲᠤ ᠨᠡᠷᠡᠡ ᠲᠠᠢ᠂ ᠪᠠᠰᠠ ᠢᠨ᠋ᠲ᠋ᠸᠷ᠋ᠨ᠋ᠸᠲ ᠠᠩᠬ᠎ᠠ ᠳᠡᠯᠭᠡᠷᠡᠬᠦ ᠦᠶ᠎ᠡ IE ᠥᠷᠭᠡᠨ ᠬᠡᠷᠡᠭᠯᠡᠭᠳᠡᠵᠦ ᠪᠠᠢᠢᠭᠰᠠᠨ ᠤ ᠤᠴᠢᠷ ᠪᠠᠢᠢᠵᠤ ᠴᠤ ᠮᠠᠭᠠᠳ᠂ ᠥᠪᠦᠷ ᠮᠣᠩᠭᠣᠯ ᠳᠤ IE ᠶᠢ ᠢᠨ᠋ᠲ᠋ᠸᠷ᠋ᠨ᠋ᠸᠲ ᠭᠡᠵᠦ ᠬᠡᠯᠡᠳᠡᠭ ᠬᠦᠮᠦᠨ ᠢ ᠣᠯᠠᠨ ᠦᠵᠡᠵᠦ ᠪᠠᠢᠢᠭᠰᠠᠨ᠃ ᠭᠡᠪᠡᠴᠦ ᠣᠳᠤ IE ᠰᠣᠶᠤᠯ ᠦᠭᠡᠢ ᠬᠦᠮᠦᠨ ᠦ ᠬᠥᠲᠦᠴᠢ ᠪᠣᠯᠵᠠᠢ᠃ ᠡᠨᠡ ᠬᠦ ᠬᠥᠲᠦᠴᠢ ᠳᠦ ᠪᠣᠰᠤᠭ᠎ᠠ ᠪᠠᠷ ᠢᠯᠡᠷᠡᠭᠦᠯᠬᠦ ᠳᠦ writing-mode: tb-lr; ᠡᠰᠡᠬᠦᠯᠡᠡ -ms-writing-mode: tb-lr; ᠬᠣᠶᠠᠷ ᠢ ᠬᠤᠪᠢᠯᠪᠤᠷᠢ ᠳᠤᠨᠢ ᠵᠣᠬᠢᠴᠠᠭᠤᠯᠤᠨ ᠰᠣᠩᠭᠤᠨ ᠬᠡᠷᠡᠭᠯᠡᠵᠦ ᠪᠣᠯᠤᠨ᠎ᠠ᠃ ᠡᠨᠡ ᠠᠷᠭ᠎ᠠ ᠪᠠᠷ ᠪᠣᠰᠤᠭ᠎ᠠ ᠪᠠᠷ ᠪᠢᠴᠢᠵᠦ ᠪᠣᠯᠬᠤ ᠪᠣᠯᠪᠠᠴᠤ᠂ ᠮᠥᠷ ᠨᠢ ᠪᠠᠷᠠᠭᠤᠨ ᠠᠴᠠ ᠵᠡᠭᠦᠨᠰᠢ ᠰᠢᠯᠵᠢᠳᠡᠭ (ᠮᠣᠩᠭᠣᠯ ᠪᠢᠴᠢᠭ ᠤᠨ ᠮᠥᠷ ᠦᠨ ᠰᠢᠯᠵᠢᠯᠲᠡ ᠲᠠᠢ ᠡᠰᠡᠷᠬᠦ)᠃ W3C ᠪᠠᠷᠢᠮᠵᠢᠶᠠᠠ ᠳᠤ ᠪᠣᠯ writing-mode:vertical-lr; ᠬᠡᠷᠡᠭᠡᠯᠡᠵᠦ ᠮᠣᠩᠭᠣᠯ ᠪᠢᠴᠢᠭ᠌ ᠢ ᠪᠣᠰᠤᠭ᠎ᠠ ᠪᠠᠷ ᠢᠯᠡᠷᠡᠭᠦᠯᠬᠦ ᠪᠠᠷᠢᠮᠵᠢᠶ᠎ᠠ ᠪᠠᠢᠢᠳᠠᠭ᠃ ᠳᠡᠭᠡᠷᠡᠬᠢ ᠭᠤᠷᠪᠠᠨ ᠬᠥᠲᠦᠴᠢ ᠨᠢ writing-mode:vertical-lr; ᠵᠣᠬᠢᠬᠤ ᠬᠡᠮᠵᠢᠶᠡᠨ ᠳᠦ ᠪᠡᠶᠡᠯᠡᠬᠦᠯᠦᠭᠰᠡᠨ ᠪᠠᠢᠢᠨ᠎ᠠ ᠭᠡᠪᠡᠯ᠂ ᠭᠠᠯᠲᠤ ᠦᠨᠡᠭᠡ (firefox) ᠪᠣᠯᠤᠨ Opera ᠪᠦᠷ ᠬᠥᠳᠡᠯᠡᠭᠰᠡᠨ ᠦᠭᠡᠢ᠃ ᠡᠳᠡᠭᠡᠷ ᠬᠥᠲᠦᠴᠢ ᠳᠦ ᠮᠣᠩᠭᠣᠯ ᠪᠢᠴᠢ᠌ᠭ᠌ ᠢ ᠪᠣᠰᠤᠭ᠎ᠠ ᠪᠠᠷ ᠢᠯᠡᠷᠡᠭᠦᠯᠬᠦ ᠮᠢᠨᠤ ᠡᠭᠦᠳᠡᠭᠰᠡᠨ ᠨᠢᠭᠡᠨ ᠠᠷᠭ᠎ᠠ ᠪᠤᠢ᠃ ᠳᠦᠭᠦᠮᠬᠡᠨ ᠬᠡᠯᠡᠪᠡᠯ᠂ ᠪᠠᠷᠠᠭᠤᠨ ᠡᠴᠠ ᠵᠡᠭᠦᠨᠰᠢ ᠬᠠᠷᠠᠭᠤᠯᠤᠨ ᠪᠢᠴᠢᠵᠤ᠂ ᠴᠠᠭ ᠤᠨ ᠵᠡᠭᠦᠦ ᠶᠢᠨ ᠡᠰᠡᠷᠭᠦ 90 ᠭᠷᠠᠳᠤᠰ ᠡᠷᠭᠢᠭᠦᠯᠬᠦ ᠯᠡ ᠲᠡᠳᠦᠢ᠃ ᠭᠡᠯᠡᠬᠦ ᠳᠦ ᠠᠮᠠᠷ ᠪᠣᠯᠪᠠᠴᠤ CSS writing-mode ᠭᠡᠷᠡᠭᠯᠡᠬᠦ ᠶᠢ ᠪᠣᠳᠤᠪᠠᠯ ᠭᠡᠷᠡᠭᠯᠡᠬᠦ ᠳᠤ ᠬᠦᠴᠢᠷ ᠲᠤᠯᠠ ᠵᠢᠭᠠᠬᠠᠨ ᠨᠠᠷᠢᠨ ᠲᠠᠢᠢᠯᠪᠤᠷᠢᠯᠠᠶ᠎ᠠ? ᠲᠠᠢᠢᠯᠪᠤᠷᠢᠯᠠᠬᠤ ᠳᠦᠭᠦᠮ ᠦᠨ ᠲᠣᠰᠠᠳᠠ ᠡ᠊ᠨᠳᠡ ᠲᠦᠷ 《ᠲᠠᠯᠴᠢᠷ ᠤᠨ ᠠᠷᠭ᠎ᠠ》 ᠭᠡᠶ᠎ᠡ᠃ ᠪᠡᠶᠡᠯᠡᠭᠦᠯᠬᠦ ᠠᠷᠭ᠎ᠠ᠄ ᠨᠢᠭᠡ᠂ ᠹᠣᠨᠲ ᠢ ᠪᠡᠯᠡᠳᠬᠦ᠃ ᠡᠩ ᠦᠨ ᠮᠣᠩᠭᠣᠯ ᠹᠣᠨᠲ ᠪᠦᠷ ᠵᠡᠭᠦᠨ ᠡᠴᠡ ᠪᠠᠷᠠᠭᠤᠨ ᠴᠢᠭᠯᠡᠯ ᠲᠠᠢ ᠬᠡᠪᠲᠡᠭᠡ ᠲᠢᠭ᠌ ᠪᠠᠢᠢᠳᠠᠭ (ᠮᠣᠩᠭᠣᠯ ᠪᠢᠴᠢᠭ᠌ ᠢ ᠴᠠᠭ ᠤᠨ ᠵᠡᠭᠦᠦ ᠶᠢᠨ ᠡᠰᠡᠷᠭᠦ 90 ᠭᠷᠠᠳᠤᠰ ᠡᠷᠭᠢᠬᠦᠯᠵᠦ ᠬᠢᠳᠡᠭ)᠃ ᠲᠠᠯᠴᠢᠷ ᠤᠨ ᠠᠷᠭ᠎ᠠ ᠪᠠᠷ ᠪᠣᠰᠤᠭ᠎ᠠ ᠪᠠᠷ ᠢᠯᠡᠷᠡᠭᠦᠯᠬᠦ ᠶᠢᠨ ᠬᠠᠮᠤᠭ ᠬᠦᠴᠢᠷ ᠬᠡᠰᠡᠭ ᠨᠢ᠂ ᠲᠠ ᠵᠠᠪᠠᠯ ᠨᠢᠭᠡᠨ ᠪᠠᠷᠠᠭᠤᠨ ᠡᠴᠠ ᠵᠡᠭᠦᠨᠰᠢ ᠴᠢᠭᠯᠡᠯ ᠲᠠᠢ ᠹᠣᠨᠲ ᠪᠡᠯᠡᠳᠬᠡᠬᠦ ᠬᠡᠷᠡᠭᠲᠡᠢ (ᠮᠣᠩᠭᠣᠯ ᠪᠢᠴᠢᠭ᠌ ᠢ ᠴᠠᠭ ᠤᠨ ᠵᠡᠭᠦᠦ ᠢᠨ ᠳᠠᠭᠠᠭᠤ 90 ᠭ᠌ᠷᠠᠳᠤᠰ ᠡᠷᠭᠢᠬᠦᠯᠵᠦ ᠬᠢᠭ᠌ᠰᠡᠨ)᠃ ᠬᠣᠶᠠᠷ᠂ ᠪᠠᠷᠠᠭᠤᠨ ᠡᠴᠠ ᠵᠡᠭᠦᠨᠰᠢ ᠪᠢᠴᠢᠬᠦ᠃ ᠶᠠᠭ ᠯᠠ ᠠᠷᠠᠪ ᠭᠠᠷᠭᠠᠯ ᠲᠠᠢ ᠦᠰᠦᠭ ᠪᠢᠴᠢᠭ᠌ ᠢ ᠪᠠᠷᠠᠭᠤᠨ ᠠᠴᠠ ᠵᠡᠭᠦᠨᠰᠢ ᠬᠠᠨᠳᠤᠯᠤᠨ ᠪᠢᠴᠢᠳᠡᠭ ᠰᠢᠭ᠌ ᠮᠣᠩᠭᠣᠯ ᠪᠢᠴᠢᠭ᠌ ᠢᠶᠠᠨ CSS ᠬᠡᠷᠡᠭᠯᠡᠵᠦ ᠪᠠᠷᠠᠭᠤᠨ ᠡᠴᠠ ᠵᠡᠭᠦᠨᠰᠢ ᠴᠢᠭᠯᠡᠯ ᠲᠠᠢ ᠪᠢᠴᠢᠬᠦ ᠴᠢᠬᠤᠯᠠ ᠲᠠᠢ᠃ ᠡᠩ ᠦᠨ ᠪᠠᠢᠢᠳᠠᠯ ᠳᠤ ᠬᠥᠲᠦᠴᠢ ᠵᠡᠭᠦᠨ ᠡᠴᠡ ᠪᠠᠷᠠᠭᠤᠨᠰᠢ ᠪᠢᠴᠢᠳᠡᠭ᠂ ᠡᠭᠦᠨ ᠢ direction:rtl; ᠪᠣᠯᠤᠨ unicode-bidi: bidi-override; ᠬᠡᠷᠡᠭᠯᠡᠵᠦ ᠴᠢᠭᠯᠡᠯ ᠢ ᠨᠢ ᠬᠤᠪᠢᠷᠭᠠᠵᠤ ᠪᠣᠯᠬᠤ ᠶᠤᠮ᠃ ᠭᠤᠷᠪᠠ᠂ ᠴᠠᠭ ᠤᠨ ᠵᠡᠭᠦᠦ ᠶᠢᠨ ᠡᠰᠡᠷᠭᠦ 90 ᠭ᠋ᠷᠠᠳᠤᠰ ᠡᠷᠭᠢᠬᠦᠯᠬᠦ᠃ ᠬᠠᠮᠤᠭ ᠰᠡᠭᠦᠯ ᠳᠤᠨᠢ transform: rotate(-90deg); ᠭᠡᠷᠡᠭᠯᠡᠪᠡᠯ ᠪᠣᠯᠴᠢᠬᠠᠬᠤ ᠶᠤᠮ᠃ ᠭᠠᠯᠲᠤ ᠦᠨᠡᠭᠡ ᠳᠤ ᠡᠮᠦᠨ᠎ᠡ ᠨᠢ -moz- ᠨᠡᠮᠡᠬᠦ᠂ chrome᠂ safari ᠪᠣᠯ ᠡᠮᠦᠨ᠎ᠡ ᠨᠢ -webkit- ᠨᠡᠮᠡᠬᠦ᠂ IE ᠪᠣᠯ -ms- ᠨᠡᠮᠡᠬᠦ ᠴᠢᠬᠤᠯᠠ ᠪᠠᠢᠢᠵᠤ ᠮᠠᠭᠠᠳ᠃ (IE ᠶᠢᠰᠤᠳᠤᠭᠡᠷ ᠬᠤᠪᠢᠯᠪᠤᠷᠢ ᠡᠴᠠ ᠡᠮᠦᠨᠡᠬᠢ ᠬᠤᠪᠢᠯᠪᠤᠷᠢ ᠳᠤ transform: rotate(-90deg); ᠬᠡᠷᠡᠭᠯᠡᠵᠦ ᠪᠣᠯᠬᠤ ᠦᠭᠡᠢ ) ᠡᠨᠡ ᠠᠷᠭ᠎ᠠ᠂ ᠭᠠᠯᠲᠤ ᠦᠨᠡᠭᠡ ᠡᠴᠡ ᠪᠤᠰᠤᠳ ᠪᠠᠰᠠ Chrome᠂ safari᠂ IE(>=9) ᠵᠡᠭᠡ ᠳᠦ ᠪᠦᠷ ᠭᠡᠷᠡᠭᠯᠡᠵᠦ ᠪᠣᠯᠤᠨ᠎ᠠ᠃ ᠪᠠᠰᠠ ᠴᠤ ᠴᠣᠷᠢ ᠶᠢᠨ ᠭᠠᠭᠴᠠ ᠵᠥᠪ ᠮᠥᠷ ᠰᠢᠯᠵᠢᠯᠲᠠ ᠲᠠᠢ ᠪᠣᠰᠤᠭ᠎ᠠ ᠪᠠᠷ ᠪᠢᠴᠢᠵᠦ ᠪᠣᠯᠬᠤ ᠠᠷᠭ᠎ᠠ ᠶᠤᠮ᠃ ᠵᠠᠷ᠄ ᠲᠠᠯᠴᠢᠷ ᠤᠨ ᠠᠷᠭ᠎ᠠ ᠭᠡᠷᠡᠭᠯᠡᠰᠡᠨ ᠰᠠᠢᠢᠲ ᠬᠢᠯᠭᠡᠬᠦ ᠰᠠᠨᠠᠭ᠎ᠠ ᠪᠠᠢᠢᠪᠠᠯ ᠨᠠᠳᠠ ᠲᠠᠢ ᠬᠠᠷᠢᠯᠴᠠᠭᠠᠷᠠᠢ? ᠮᠣᠩᠭᠣᠯ ᠶᠦᠨᠢᠺᠥᠳ᠋ (UNICODE) ᠭᠡᠷᠡᠭᠯᠡᠨ ᠰᠠᠢᠢᠲ ᠰᠠᠨᠠᠭ᠎ᠠ ᠲᠠᠢ᠂ ᠲᠠᠯᠴᠢᠷ ᠤᠨ ᠦᠰᠦᠭ ᠰᠢᠪᠡᠬᠦ ᠰᠣᠹᠲ ᠢ ᠰᠠᠢᠢᠲ ᠳᠠᠭᠠᠨ ᠬᠡᠷᠡᠭᠯᠡᠬᠦ ᠰᠠᠨᠠᠭ᠎ᠠ ᠲᠠᠢ ᠪᠣᠯ ᠬᠠᠷᠢᠯᠴᠠᠭᠠᠷᠠᠢ? ( ᠠᠭᠤᠯᠭ᠎ᠠ ᠶᠢᠨ ᠠᠯᠳᠠᠭ᠎ᠠ ᠪᠣᠯᠤᠨ ᠦᠰᠦᠭ ᠦᠨ ᠪᠣᠷᠤᠭᠤ ᠵᠠᠯᠠᠷᠠᠭᠤᠯᠬᠤ ᠶᠢ ᠪᠠᠶᠠᠷᠯᠠᠨ ᠤᠭᠲᠠᠨ᠎ᠠ᠃)

monscript2.blogspot.jp ᠪᠯᠣᠭ ᠡᠴᠡ