Laman

ᠴᠡᠪᠡᠷ ᠴᠤᠰᠠᠨ ᠤ ᠮᠣᠩᠭᠤᠯ

0 ᠰᠡᠳᠭᠢᠭᠳᠡᠯ

ᠴᠡᠪᠡᠷ ᠴᠢᠰᠤᠨ ᠤ ᠮᠣᠩᠭᠤᠯ
2013 ᠣᠨ 6 ᠰᠠᠷᠠᠠ 25 ᠡᠳᠦᠷ᠂ ᠠᠩᠭᠢᠯᠠᠯ᠄ ᠠᠩᠭᠢᠯᠠᠯ ᠦᠭᠡᠢ, ᠨᠡᠢᠭᠡᠮ, ᠬᠦᠮᠦᠨ
ᠡᠨᠡ ᠦᠭᠦᠯᠡᠯ ᠢ ᠪᠢ 1992 ᠣᠨ ᠳᠤ ᠪᠢᠴᠢᠵᠦ ᠬᠡᠪᠯᠡᠭᠦᠯᠵᠡᠢ᠃ ᠲᠡᠭᠦᠨ ᠡᠴᠡ ᠬᠣᠢᠰᠢ ᠬᠣᠷᠢ ᠭᠠᠷᠤᠢ ᠵᠢᠯ ᠥᠩᠭᠡᠷᠡᠭᠰᠡᠨ ᠴᠦ ᠤᠳᠬ᠎ᠠ ᠰᠠᠨᠠᠭ᠎ᠠ ᠠᠴᠢ ᠬᠣᠯᠪᠤᠭᠳᠠᠯ ᠨᠢ ᠬᠠᠭᠤᠴᠢᠷᠠᠭᠠᠳᠤᠢ ᠶᠤᠮ ᠰᠢᠭ᠃ ᠢᠯᠠᠩᠭᠤᠶ᠎ᠠ ᠰᠣᠩᠭᠤᠭᠤᠯᠢ ᠶᠢᠨ ᠦᠶ᠎ᠡ ᠪᠡᠷ ᠡᠢᠮᠦᠷᠬᠡᠦ ᠬᠡᠢᠷᠬᠡᠯ ᠬᠦᠴᠦ ᠪᠡᠨ ᠠᠪᠳᠠᠭ᠃ ᠶᠡᠷᠦᠩᠬᠡᠢᠯᠡᠭᠴᠢ ᠶᠢᠨ ᠰᠣᠩᠭᠤᠭᠤᠯᠢ ᠶᠢ ᠯᠠ ᠠᠪᠤᠭᠠᠳ ᠦᠵᠡᠶ᠎ᠡ ᠯᠡ ᠳᠡ᠃ 1993᠂ 97 ᠣᠨ ᠳᠤ ᠸᠴᠢᠷᠪᠠᠲᠤ ᠴᠡᠪᠡᠷ ᠬᠢᠲᠠᠳ ᠪᠣᠯᠤᠭᠰᠠᠨ᠃ 2001 ᠣᠨ ᠳᠤ ᠭᠣᠨᠴᠤᠭᠳᠤᠷᠵᠢ ᠬᠢᠲᠠᠳ ᠡᠬᠡᠨᠡᠷ ᠲᠡᠢ ᠪᠣᠯᠵᠤ ᠳᠠᠭᠤᠰᠤᠭᠰᠠᠨ᠃ 2005 ᠣᠨ ᠳᠤ ᠡᠩᠬᠡᠰᠠᠢᠬᠠᠨ᠂ ᠵᠢᠷᠭᠠᠯᠰᠠᠢᠬᠠᠨ ᠨᠠᠷ ᠬᠢᠲᠠᠳ ᠪᠣᠯᠬᠤ ᠨᠢ ᠲᠣᠳᠤᠷᠠᠭᠰᠠᠨ᠃ 2009 ᠣᠨ ᠳᠤ ᠡᠯᠪᠡᠭᠳᠣᠷᠵᠢ ᠰᠢᠨᠵᠢᠶᠠᠩ ᠠᠴᠠ ᠢᠷᠡᠭᠰᠡᠨ ᠴᠠᠭᠠᠴᠢ ᠪᠣᠯᠵᠤ ᠬᠤᠪᠢᠷᠠᠭᠰᠠᠨ᠃ 2013 ᠣᠨ ᠳᠤ ᠳᠠᠬᠢᠭᠠᠳ ᠯᠠ 《ᠴᠡᠪᠡᠷ ᠴᠢᠰᠤᠨ ᠤ ᠣᠨᠤᠯ》! ᠬᠡᠨ ᠳᠠᠩᠳᠠ ᠡᠢᠮᠦ ᠶᠠᠭᠤᠮ᠎ᠠ ᠵᠣᠬᠢᠶᠠᠨ ᠪᠠᠢᠭᠤᠯᠳᠠᠭ ᠨᠢ ᠬᠠᠷᠠᠭᠳᠠᠵᠤ ᠪᠠᠢᠭ᠎ᠠ ᠪᠠᠢᠬ᠎ᠠ᠃ ᠬᠠᠷᠢᠨ ᠬᠡᠵᠢᠶ᠎ᠡ ᠵᠠᠰᠠᠷᠠᠬᠤ ᠶᠤᠮ ᠪᠣᠯ?

ᠰᠥᠨᠢ ᠳᠥᠯ ᠥᠩᠭᠡᠷᠡᠭᠡᠭᠡᠳ ᠬᠠᠳᠠᠮ ᠤᠨ ᠳᠠᠭᠠᠨ ᠢᠷᠡᠪᠡᠯ ᠬᠢᠲᠠᠳ ᠤᠨ ᠳᠠᠯᠪᠠᠭᠠᠷᠬᠠᠤ ᠴᠢᠰ ᠤᠯᠠᠭᠠᠨ ᠴᠢᠷᠠᠢ ᠲᠠᠢ᠂ ᠨᠣᠭᠤᠭᠠᠨ ᠨᠢᠳᠦ ᠲᠡᠢ ᠨᠢᠭᠡ ᠡᠷ᠎ᠡ ᠨᠠᠮᠠᠢᠢ ᠬᠦᠯᠢᠶᠡᠭᠡᠳ ᠰᠠᠭᠤᠵᠤ ᠪᠠᠢᠬᠤ ᠶᠤᠮ᠃᠋
—ᠨᠠᠮᠠᠢᠢ ᠡᠨᠳᠡ ᠢᠷᠡᠨ᠎ᠡ ᠭᠡᠵᠦ ᠶᠠᠭᠠᠬᠢᠵᠤ ᠮᠡᠳᠡᠪᠡ ᠡ?
—ᠪᠢᠳᠡ ᠲᠣᠳᠤᠷᠬᠠᠢ ᠮᠡᠳᠡᠭᠡᠯᠡᠯ ᠲᠡᠢ ᠪᠠᠢᠳᠠᠭ ᠬᠡᠮᠡᠨ ᠤᠯᠠᠭᠠᠨ ᠴᠢᠷᠠᠢᠲᠤ ᠤᠴᠢᠷ ᠪᠢᠲᠡᠭᠦᠯᠢᠭ ᠪᠣᠯᠪᠠᠴᠤ ᠠᠵᠢᠯ ᠬᠡᠷᠡᠭᠴᠢ ᠪᠡᠷ ᠮᠡᠳᠡᠭᠳᠡᠯ᠎ᠡ᠃ ᠪᠢ ᠡᠨᠳᠡ ᠨᠡᠯᠢᠶᠡᠳ ᠴᠢᠬᠤᠯᠠ ᠬᠡᠷᠡᠭ ᠲᠡᠢ ᠢᠷᠡᠭᠰᠡᠨ ᠪᠣᠯᠬᠤᠷ ᠤᠷᠢᠯᠭ᠎ᠠ ᠦᠭᠡᠢ ᠵᠣᠴᠢᠨ ᠠᠴᠠ ᠰᠠᠯᠬᠤ ᠶᠢᠨ ᠮᠥᠨ ᠪᠣᠯᠵᠤ᠄
—ᠶᠠᠮᠠᠷ ᠬᠡᠷᠡᠭ ᠢᠶᠡᠷ ᠶᠠᠪᠤᠨ᠎ᠠ ᠳᠠ? ᠭᠡᠪᠡᠯ ᠰᠠᠢᠬᠢ ᠡᠷ᠎ᠡ ᠰᠠᠨᠳᠠᠯᠢ ᠪᠠᠨ ᠲᠠᠲᠠᠨ ᠳᠥᠬᠦᠵᠦ ᠰᠠᠭᠤᠭᠠᠳ ᠨᠠᠮᠤᠭᠤᠬᠠᠨ ᠳᠠᠭᠤ ᠪᠠᠷ᠄
—ᠪᠢᠳᠡ ᠤᠯᠤᠰ ᠣᠷᠤᠨ ᠢᠶᠠᠨ ᠠᠪᠤᠷᠠᠬᠤ ᠬᠡᠷᠡᠭᠲᠡᠢ ᠪᠠᠢᠨ᠎ᠠ᠃ ᠪᠦᠬᠦ ᠤᠳᠤᠷᠢᠳᠤᠯᠭ᠎ᠠ ᠬᠢᠲᠠᠳ᠂ ᠪᠤᠷᠢᠶᠠᠳ ᠤᠨ ᠴᠠᠭᠠᠴᠢᠳ ᠤᠨ ᠭᠠᠷ ᠲᠤ ᠣᠴᠢᠯ᠎ᠠ᠃ ᠤᠯᠤᠰ ᠡᠬᠡ ᠣᠷᠤᠨ ᠢᠶᠠᠨ ᠡᠨᠡ ᠥᠭᠡᠳᠡ ᠦᠭᠡᠢ ᠨᠣᠪᠰᠢ ᠨᠤᠭᠤᠳ ᠤᠨ ᠭᠠᠷ ᠠᠴᠠ ᠰᠠᠯᠭᠠᠬᠤ ᠪᠠᠷ ᠪᠢᠳᠡᠨ ᠦ ᠬᠡᠰᠡᠭ ᠨᠥᠬᠦᠳ ᠵᠣᠷᠢᠭ ᠰᠢᠯᠤᠭᠤᠳᠤᠭᠠᠳ ᠨᠢᠭᠤᠴᠠ ᠨᠡᠢᠭᠡᠮᠯᠢᠭ ᠪᠠᠢᠭᠤᠯᠤᠭᠰᠠᠨ ᠶᠤᠮ᠃ ᠥᠪᠡᠷ ᠢ ᠴᠢᠨᠢ ᠲᠥᠪ ᠬᠠᠯᠬ᠎ᠠ ᠶᠢᠨ ᠴᠡᠪᠡᠷ ᠴᠢᠰᠤᠨ ᠤ ᠬᠦᠮᠦᠨ ᠭᠡᠵᠦ ᠪᠢᠳᠡ ᠮᠡᠳᠡᠬᠦ ᠪᠣᠯᠬᠤᠷ ᠪᠢᠳᠡᠨ ᠢ ᠳᠡᠮᠵᠢᠨ᠎ᠡ ᠭᠡᠵᠦ ᠢᠲᠡᠭᠡᠭᠡᠳ ᠢᠷᠡᠯ᠎ᠡ ᠭᠡᠵᠦ ᠠᠪᠳᠠᠭ ᠶᠤᠮ ᠪᠠᠢᠨ᠎ᠠ᠂ ᠥᠨᠦᠬᠢ ᠴᠢᠨᠢ!
—《ᠪᠢᠳᠡ》 ᠭᠡᠵᠦ ᠶᠠᠭᠤ ᠪᠠᠨ ᠶᠠᠷᠢᠭᠠᠳ ᠪᠠᠢᠨ᠎ᠠ ᠠ? ᠶᠠᠮᠠᠷ ᠬᠢᠲᠠᠳ᠂ ᠪᠤᠷᠢᠶᠠᠳ ᠤᠳ ᠢ ᠬᠡᠯᠡᠭᠡᠳ ᠪᠠᠢᠨ᠎ᠠ? ᠪᠢ ᠨᠢᠭᠡ ᠯᠡ ᠣᠢᠯᠠᠭᠠᠬᠤ ᠦᠭᠡᠢ ᠪᠠᠢᠨ᠎ᠠ?
ᠨᠢᠭᠤᠴᠠ ᠲᠤᠷᠰᠢᠭᠤᠯ ᠪᠠᠢᠬᠤ ᠴᠢᠷᠠᠢᠨ ᠤ ᠡᠨᠡ ᠨᠥᠬᠦᠷ ᠨᠠᠮᠠᠢᠢ ᠥᠷᠦᠪᠳᠦᠩᠭᠦᠢ ᠮᠠᠶᠢᠭ ᠢᠶᠠᠷ ᠨᠣᠭᠤᠭᠠᠨ ᠨᠢᠳᠦ ᠪᠡᠷ ᠢᠶᠡᠨ ᠬᠡᠰᠡᠭ ᠲᠥᠭᠡᠨᠡᠭᠰᠡᠨ ᠢᠶᠡᠨ᠄

—ᠡᠢᠮᠦ ᠶᠠᠭᠤᠮ᠎ᠠ ᠮᠡᠳᠡᠬᠦ ᠦᠭᠡᠢ ᠠᠷᠠᠢ ᠴᠤ ᠳᠡᠩᠳᠡᠭᠦᠦ ᠪᠠᠢᠨ᠎ᠠ ᠰᠢᠦ! ᠬᠡᠮᠡᠨ ᠵᠢᠮᠡᠯᠡᠭᠡᠳ᠄ —ᠵᠠ ᠠᠨ ᠭᠡᠳ ᠤᠨ ᠭᠡᠵᠦ ᠪᠠᠢ᠃ ᠤᠯᠤᠰ ᠤᠨ ᠶᠡᠷᠦᠩᠬᠡᠢᠯᠡᠭᠴᠢ ᠸᠴᠢᠷᠪᠠᠲᠤ ᠬᠢᠲᠠᠳ ᠬᠦᠮᠦᠨ ᠭᠡᠳᠡᠭ ᠢ ᠮᠡᠳᠡᠬᠦ ᠦᠭᠡᠢ ᠬᠡᠷᠡᠭ ᠦᠦ?
—ᠲᠡᠷᠡ ᠴᠦ ᠬᠠᠷᠢᠨ ᠦᠭᠡᠢ ᠪᠠᠢᠬᠤ ᠰᠢᠦ᠃ ᠫᠠᠯ ᠫᠦᠯ ᠬᠢᠭᠰᠡᠨ ᠨᠢᠭᠡ ᠰᠠᠢᠬᠠᠨ ᠮᠠᠩᠭᠠᠷ ᠬᠠᠯᠬ᠎ᠠ ᠳᠠ᠃
—ᠦᠭᠡᠢ ᠡ᠃ ᠬᠣᠢᠲᠤ ᠡᠴᠢᠭᠡ ᠨᠢ ᠬᠢᠲᠠᠳ ᠪᠠᠢᠬᠤ ᠦᠭᠡᠢ ᠦᠦ!
—ᠥᠪᠡᠷ ᠢᠶᠡᠨ ᠮᠣᠩᠭᠤᠯ ᠪᠠᠢᠭ᠎ᠠ ᠶᠤᠮ ᠪᠢᠵᠡ ᠳᠡ?
—ᠲᠡᠷᠡ ᠨᠢ ᠶᠠᠮᠠᠷ ᠬᠠᠮᠢᠶ᠎ᠠ ᠲᠠᠢ ᠶᠤᠮ ᠪᠤᠢ? ᠪᠠᠭ᠎ᠠ ᠠᠴᠠᠭᠠᠨ ᠬᠢᠲᠠᠳ ᠬᠣᠭᠤᠯᠠ ᠢᠳᠡᠭᠰᠡᠭᠡᠷ ᠪᠠᠢᠭᠠᠳ᠂ ᠬᠣᠭᠤᠯᠠ ᠪᠠᠷ ᠢᠶᠠᠨ ᠳᠠᠮᠵᠢᠭᠠᠳ ᠬᠢᠲᠠᠳ ᠪᠣᠯᠴᠢᠬᠠᠭᠰᠠᠨ ᠶᠤᠮ ᠭᠡᠵᠦ ᠨᠢᠭᠤᠴᠠ ᠲᠤᠷᠰᠢᠭᠤᠯ ᠢ ᠥᠭᠦᠯᠡᠬᠦ ᠳᠦ ᠪᠢ 《ᠴᠡᠪᠡᠷ ᠴᠢᠰᠤᠨ ᠦ》 ᠪᠠᠢᠨ᠎ᠠ ᠭᠡᠳᠡᠭ ᠶᠠᠮᠠᠷᠬᠠᠤ ᠬᠡᠴᠡᠭᠦᠦ ᠪᠣᠯᠬᠤ ᠶᠢ ᠣᠢᠯᠠᠭᠠᠯ᠎ᠠ᠃ ᠨᠢᠭᠤᠴᠠ ᠲᠤᠷᠰᠢᠭᠤᠯ ᠢ ᠳᠠᠭᠠᠵᠢᠩᠨᠠᠮᠠᠷ ᠰᠠᠨᠠᠭᠳᠠᠭᠠᠳ᠄
—ᠥᠪᠡᠷ ᠢᠶᠡᠨ 《ᠴᠡᠪᠡᠷ ᠴᠢᠰᠤᠨ ᠤ ᠬᠠᠯᠬ᠎ᠠ》 ᠤᠤ? ᠭᠡᠪᠡᠯ᠄
—ᠲᠡᠭᠡᠯ ᠦᠭᠡᠢ ᠶᠠᠭᠠᠬᠢᠬᠤ ᠪᠤᠢ! ᠪᠢ ᠴᠢᠨᠢ ᠳᠤᠮᠳᠠᠭᠣᠪᠢ ᠠᠢᠮᠠᠭ ᠤᠨ ᠬᠠᠷᠢᠶᠠᠲᠤ ᠵᠢᠩᠬᠢᠨᠢ ᠪᠣᠷᠵᠢᠭᠢᠨ ᠬᠠᠯᠬ᠎ᠠ ᠪᠠᠢᠬᠤ ᠦᠭᠡᠢ ᠦᠦ! ᠬᠡᠮᠡᠨ ᠰᠠᠢᠬᠢ ᠡᠷ᠎ᠡ ᠥᠪᠡᠷ ᠦᠨ ᠠᠷᠢ ᠴᠢᠰᠤ ᠪᠠᠷ ᠪᠠᠬᠠᠷᠬᠠᠭᠰᠠᠨ ᠢᠶᠠᠨ᠂ —ᠰᠣᠨᠤᠷ ᠰᠡᠷᠡᠮᠵᠢᠲᠡᠢ ᠪᠠᠢᠬᠤ ᠬᠡᠷᠡᠭᠲᠡᠢ! ᠶᠡᠷᠦᠩᠬᠡᠢ ᠰᠠᠢᠳ ᠭᠡᠬᠦ ᠳᠦ ᠯᠡ ᠪᠤᠷᠢᠶᠠᠳ ᠤᠨ ᠴᠠᠭᠠᠴᠢ ᠪᠠᠢᠨ᠎ᠠ ᠰᠢᠦ ᠳᠡ! ᠠᠷᠠᠳᠴᠢᠯᠠᠭᠰᠠᠨ ᠨᠠᠮ ᠤᠨ ᠳᠠᠷᠤᠭ᠎ᠠ ᠪᠠᠲᠦ ᠊ ᠡᠭᠦᠯᠡ ᠪᠠᠰᠠ ᠪᠤᠷᠢᠶᠠᠳ ᠤᠨ ᠴᠠᠭᠠᠴᠢ ᠶᠢᠨ ᠰᠢᠭᠡᠰᠦ! ᠰᠢᠳᠠᠷ ᠰᠠᠢᠳ ᠭᠠᠩᠪᠣᠯᠤᠳ ᠪᠣᠯ ᠬᠢᠲᠠᠳ ᠤᠨ ᠡᠷᠯᠢᠵᠡ! ᠭᠣᠨᠴᠤᠭᠳᠤᠷᠵᠢ ᠴᠤ ᠬᠢᠲᠠᠳ ᠲᠠᠢ ᠬᠣᠯᠪᠤᠭᠠᠲᠠᠢ᠃
—ᠪᠠᠰᠠ ᠤᠤ?
—ᠲᠡᠭᠡᠯ ᠦᠭᠡᠢ ᠶᠠᠭᠠᠬᠢᠬᠤᠪ! ᠠᠪᠠᠭᠠᠢ ᠨᠢ ᠬᠢᠲᠠᠳ ᠴᠢᠰᠤᠨ ᠤ ᠬᠣᠯᠢᠴᠠ ᠲᠠᠢ᠃ ᠢᠩᠭᠢᠬᠦ ᠪᠡᠷ ᠬᠡᠦᠬᠡᠳ ᠨᠢ ᠵᠦᠭᠡᠷ ᠪᠢᠰᠢ ᠪᠣᠯᠤᠭᠠᠳ ᠯᠠ ᠶᠠᠪᠤᠴᠢᠬᠠᠵᠢ ᠪᠠᠢᠭ᠎ᠠ ᠶᠤᠮ ᠳᠠ᠃ ᠲᠡᠢᠮᠦ ᠬᠡᠦᠬᠡᠳ ᠦᠨ ᠠᠪᠤ ᠬᠢᠲᠠᠳ ᠲᠤ ᠡᠯᠢᠭᠡ ᠲᠡᠢ ᠯᠡ ᠪᠠᠢᠵᠤ ᠲᠠᠭᠠᠷᠠᠨ᠎ᠠ᠃
—ᠴᠢ ᠲᠡᠭᠡᠭᠡᠳ ᠶᠠᠭᠠᠬᠢᠬᠤ ᠭᠡᠳ ᠪᠠᠢᠭ᠎ᠠ ᠪᠤᠢ? ᠬᠡᠮᠡᠨ ᠠᠰᠠᠭᠤᠬᠤ ᠳᠠᠭᠠᠨ ᠡᠨᠡᠬᠦ ᠴᠡᠪᠡᠷ ᠴᠢᠰᠤᠨ ᠤ ᠮᠡᠳᠡᠷᠡᠯ ᠮᠠᠭᠤᠲᠠᠢ ᠨᠢᠭᠤᠴᠠ ᠲᠤᠷᠰᠢᠭᠤᠯ ᠳᠤ ᠬᠦᠷᠦᠭᠰᠡᠨ ᠠᠭᠤᠷ ᠮᠢᠨᠢ ᠴᠡᠭᠡᠵᠢᠨ ᠳᠡᠭᠡᠨ ᠪᠠᠭᠲᠠᠬᠤ ᠦᠭᠡᠢ ᠪᠠᠢᠯ᠎ᠠ᠃
—ᠶᠠᠭᠠᠬᠢᠬᠤ ᠶᠠᠭᠤ ᠪᠠᠢᠬᠤᠪ᠂ ᠥᠪᠡᠷ ᠢᠶᠡᠨ ᠲᠥᠪ ᠬᠠᠯᠬ᠎ᠠ ᠬᠦᠮᠦᠨ ᠦ ᠬᠤᠪᠢ ᠳᠤ ᠮᠠᠨᠠᠢ ᠨᠡᠢᠭᠡᠮᠯᠢᠭ ᠲᠦ ᠡᠯᠰᠡᠵᠦ ᠡᠯᠳᠡᠪ ᠮᠠᠭᠤᠰᠠᠢᠨ ᠬᠢᠲᠠᠳ᠂ ᠪᠤᠷᠢᠶᠠᠳ᠂ ᠳᠥᠷᠪᠡᠳ᠂ ᠣᠷᠤᠰ ᠤᠨ ᠡᠷᠯᠢᠵᠡ ᠬᠤᠷᠯᠢᠵᠠ ᠨᠤᠭᠤᠳ ᠠᠴᠠ ᠤᠯᠤᠰ ᠣᠷᠤᠨ ᠢᠶᠠᠨ ᠴᠢᠯᠦᠭᠡᠯᠡᠬᠦ ᠠᠷᠢᠭᠤᠨ ᠬᠡᠷᠡᠭ ᠲᠦ ᠣᠷᠤᠯᠴᠠ᠃ ᠤᠯᠤᠰ ᠤᠨ ᠪᠠᠭ᠎ᠠ ᠬᠤᠷᠠᠯ ᠯᠠ ᠭᠡᠬᠦ ᠳᠦ ᠪᠣᠬᠢᠷ ᠴᠢᠰᠤᠨ ᠤ ᠶᠠᠭᠤᠮ᠎ᠠ ᠨᠤᠭᠤᠳ ᠢᠶᠠᠷ ᠳᠦᠭᠦᠷᠴᠢᠬᠡᠭᠡᠳ ᠪᠠᠢᠨ᠎ᠠ᠃ ᠲᠠᠨᠠᠢ ᠤᠯᠠᠭᠠᠨᠬᠦ᠋ᠦ ᠯᠡ ᠭᠡᠬᠦ ᠳᠦ ᠪᠠᠰᠠᠯᠠ ᠬᠢᠲᠠᠳ ᠤᠨ ᠡᠷᠯᠢᠵᠡ!
—ᠪᠢᠲᠡᠭᠡᠢ ᠬᠤᠳᠠᠯ ᠰᠣᠯᠢᠶᠠᠷᠠᠭᠠᠳ ᠪᠠᠢ!
—ᠨᠡᠷ᠎ᠡ ᠶᠢ ᠨᠢ ᠬᠠᠷᠠᠬᠤ ᠦᠭᠡᠢ ᠦᠦ᠃ ᠥᠪᠦᠷ ᠮᠣᠩᠭᠤᠯ ᠤᠨ ᠳᠠᠷᠤᠭ᠎ᠠ ᠭᠡᠳ ᠨᠡᠷ᠎ᠡ ᠨᠢ ᠤᠯᠠᠭᠠᠨᠬᠦ᠋ᠦ ᠭᠡᠵᠦ ᠪᠠᠢᠭᠰᠠᠨ ᠲᠠᠢ ᠲᠠᠭᠠᠷᠠᠵᠤ ᠪᠠᠢᠭ᠎ᠠ ᠪᠢᠵᠡ ᠳᠡ?

—ᠡ ᠴᠠᠪᠠᠰᠤ ᠠ! ᠭᠡᠳ ᠨᠠᠳᠤᠷ ᠬᠡᠯᠡᠬᠦ ᠦᠭᠡ ᠣᠯᠳᠠᠬᠤ ᠦᠭᠡᠢ ᠪᠣᠯᠤᠨ᠄ —ᠲᠡᠷᠡ ᠴᠢᠨᠢ ᠤᠪᠰᠤ ᠶᠢᠨ ᠳᠥᠷᠪᠡᠳ ᠬᠦᠮᠦᠨ ᠰᠢᠦ ᠳᠡ ᠭᠡᠯ᠎ᠡ᠃
—ᠵᠠ ᠲᠡᠷᠡ! ᠬᠠᠷᠠᠭ᠎ᠠ ᠪᠢᠵᠡ? ᠳᠥᠷᠪᠡᠳ ᠭᠡᠳᠡᠭ ᠴᠢᠨᠢ ᠮᠠᠭᠤ ᠴᠢᠰᠤ! ᠰᠢᠳᠠᠷ ᠰᠠᠢᠳ ᠳᠣᠷᠯᠢᠭᠵᠠᠪ ᠪᠠᠰᠠ ᠳᠥᠷᠪᠡᠳ᠃ ᠭᠡᠲᠡᠯ᠎ᠡ ᠬᠠᠮᠢᠭ᠎ᠠ ᠪᠠᠢᠨ᠎ᠠ᠂ ᠮᠠᠨᠠᠢ ᠲᠥᠪ ᠬᠠᠯᠬ᠎ᠠ ᠶᠢᠨ ᠬᠢᠨ? ᠭᠡᠵᠦ ᠠᠰᠠᠭᠤᠬᠤ ᠳᠠᠭᠠᠨ ᠲᠡᠭᠦᠨ ᠦ ᠴᠡᠪᠡᠷ ᠴᠢᠰᠤᠨ ᠤ ᠨᠣᠭᠤᠭᠠᠨ ᠨᠢᠳᠤᠨ ᠳᠦ ᠳᠡᠢᠯᠦᠭᠰᠡᠨ ᠰᠢᠨᠵᠢ ᠢᠯᠡᠷᠬᠡᠢ᠃ ᠮᠢᠨᠦ ᠠᠭᠤᠷ ᠵᠢᠪᠡᠭᠦᠴᠡᠯ ᠴᠢᠨᠡᠭᠡᠨ ᠳᠡᠭᠡᠨ ᠲᠤᠯᠤᠨ ᠨᠢᠭᠡ ᠯᠡ ᠮᠡᠳᠡᠬᠦ ᠳᠦ ᠲᠡᠭᠦᠨ ᠢ ᠵᠠᠭᠠᠮᠳᠠᠨ ᠠᠪᠤᠭᠰᠠᠨ ᠪᠠᠢᠯ᠎ᠠ᠃
—ᠰᠣᠨᠤᠰᠴᠤ ᠪᠠᠢ᠂ ᠴᠡᠪᠡᠷ ᠴᠢᠰᠤᠨ ᠤ ᠡᠯᠵᠢᠭᠡ ᠮᠢᠨᠢ! ᠪᠢ ᠬᠡᠨᠲᠡᠢ ᠳᠦ ᠠᠵᠢᠯᠯᠠᠵᠤ ᠪᠠᠢᠭᠰᠠᠨ᠃ ᠬᠡᠨᠲᠡᠢ ᠨᠢᠷᠤᠭᠤᠨ ᠤ ᠪᠡᠯ ᠳᠦ᠂ ᠶᠡᠬᠡ ᠣᠢ ᠶᠢᠨ ᠬᠠᠯᠵᠠ ᠳᠡᠷᠭᠡᠳᠡ ᠰᠢᠦ ᠳᠡ᠃ ᠰᠤᠮᠤ ᠶᠢᠨ ᠲᠥᠪ ᠦᠨ ᠠᠢᠯ ᠤᠳ ᠢ ᠭᠠᠳᠠᠨ᠎ᠠ ᠠᠴᠠ ᠨᠢ ᠬᠠᠷᠠᠭᠠᠳ ᠬᠠᠯᠬ᠎ᠠ᠂ ᠪᠤᠷᠢᠶᠠᠳ ᠢᠶᠠᠷ ᠨᠢ ᠢᠯᠭᠠᠵᠤ ᠪᠣᠯᠳᠠᠭ ᠶᠤᠮ᠃ ᠱᠤᠷᠭᠠᠭ ᠢᠶᠠᠷ ᠵᠢᠭᠳᠡ ᠨᠢᠮᠪᠠᠢ ᠴᠡᠪᠡᠷᠬᠡᠨ ᠬᠠᠰᠢᠶ᠎ᠠ ᠪᠠᠷᠢᠭᠠᠳ᠂ ᠳᠣᠲᠤᠷ᠎ᠠ ᠨᠢ ᠰᠠᠢᠬᠠᠨ ᠳᠦᠨᠵᠡᠨ ᠪᠠᠢᠰᠢᠩ ᠪᠣᠰᠬᠠᠭᠰᠠᠨ ᠪᠣᠯ ᠶᠠᠭᠠᠬᠢᠬᠤ ᠠᠷᠭ᠎ᠠ ᠦᠭᠡᠢ ᠪᠤᠷᠢᠶᠠᠳ ᠠᠢᠯ᠃ ᠣᠭᠲᠤ ᠬᠠᠰᠢᠶ᠎ᠠ ᠪᠠᠢᠬᠤ ᠦᠭᠡᠢ ᠶᠤᠮ ᠦᠦ᠂ ᠪᠠᠢᠭᠰᠠᠨ ᠨᠢ ᠨᠤᠷᠠᠵᠤ ᠤᠨᠠᠭᠠᠳ ᠬᠥᠭᠯᠡᠷᠡᠭᠰᠡᠨ ᠪᠠᠢᠪᠠᠯ ᠬᠠᠯᠬ᠎ᠠ ᠠᠢᠯ᠃ ᠪᠢ ᠥᠪᠡᠷ ᠢᠶᠡᠨ ᠬᠠᠯᠬ᠎ᠠ᠂ ᠪᠦᠷ ᠲᠥᠪ ᠬᠠᠯᠬ᠎ᠠ ᠬᠦᠮᠦᠨ᠃ ᠭᠡᠬᠦ ᠳᠡᠭᠡᠨ ᠮᠠᠨᠠᠢ ᠬᠠᠯᠬ᠎ᠠ ᠨᠤᠭᠤᠳ  ᠢᠯᠡᠭᠦᠦ ᠠᠮᠢᠨ ᠳᠠᠭᠠᠨ ᠠᠷᠠᠴᠢᠭ᠎ᠠ ᠦᠭᠡᠢ᠂ ᠠᠩᠬᠢᠶ᠎ᠠ ᠦᠭᠡᠢ᠂ ᠲᠡᠭᠡᠭᠰᠡᠨ ᠮᠥᠷᠲᠡᠭᠡᠨ ᠶᠡᠬᠡ ᠨᠣᠶᠠᠨ ᠵᠠᠩ ᠲᠠᠢ ᠪᠠᠢᠳᠠᠭ᠃ ᠲᠡᠷᠡ ᠳᠤᠮᠳᠠ ᠪᠠᠨ ᠴᠢᠨᠦᠬᠢ ᠪᠦᠷ ᠬᠡᠲᠦᠷᠡᠴᠢᠬᠡᠵᠢ᠃  ᠴᠢᠨᠦ ᠴᠢᠰᠤ ᠴᠢᠨᠢ ᠬᠡᠲᠦ ᠴᠡᠪᠡᠷᠰᠢᠭᠰᠡᠨ ᠡᠴᠡ ᠪᠣᠯᠤᠭᠠᠳ ᠣᠶᠤᠨ ᠰᠠᠨᠠᠭ᠎ᠠ ᠴᠢᠨᠢ ᠡᠷᠡᠭᠦᠯ ᠪᠢᠰᠢ ᠪᠣᠯᠴᠢᠬᠠᠵᠡᠢ᠃ ᠴᠢᠰᠤ ᠨᠢ ᠴᠡᠪᠡᠷᠰᠢᠭᠭᠰᠡᠭᠡᠷ ᠪᠠᠢᠭᠠᠳ ᠨᠤᠭᠤ ᠭᠣᠣᠯ ᠢᠶᠠᠷ ᠢᠶᠠᠨ ᠮᠠᠭᠠᠨᠠᠠᠭ ᠪᠣᠯᠴᠢᠬᠠᠭᠰᠠᠨ ᠬᠡᠳᠦᠨ ᠭᠠᠵᠠᠷ ᠪᠠᠢᠳᠠᠭ ᠤᠨ ᠨᠢᠭᠡᠨ ᠡᠴᠡ ᠨᠢ ᠴᠢ ᠭᠠᠷᠤᠯᠲᠠᠢ ᠪᠠᠢᠬ᠎ᠠ ᠭᠡᠳ ᠨᠢᠭᠤᠴᠠ ᠲᠤᠷᠰᠢᠭᠤᠯ ᠢ ᠬᠠᠳᠠᠮ ᠤᠨ ᠬᠢ ᠠᠴᠠ ᠬᠥᠭᠡᠭᠡᠵᠦ ᠭᠠᠷᠭᠠᠯ᠎ᠠ᠃
ᠡᠭᠦᠨ ᠡᠴᠡ ᠬᠣᠢᠰᠢ ᠥᠩᠭᠡᠷᠡᠳᠡᠭ ᠨᠠᠮᠤᠷ ᠢᠯᠠᠯᠲᠠ ᠶᠢᠨ ᠲᠠᠯᠠᠪᠠᠢ ᠳᠡᠭᠡᠷ᠎ᠡ ᠴᠤᠭᠯᠠᠭᠠᠨ ᠪᠣᠯᠤᠯ᠎ᠠ᠃ ᠴᠤᠭᠯᠠᠭᠠᠨ ᠳᠤ ᠶᠠᠩᠵᠤ ᠪᠦᠷᠢ ᠶᠢᠨ ᠡᠪᠰᠡᠯ ᠬᠣᠯᠪᠤᠭᠠᠳ ᠤᠨ ᠲᠥᠯᠦᠭᠡᠯᠡᠭᠴᠢᠳ ᠦᠭᠡ ᠬᠡᠯᠡᠭᠰᠡᠨ ᠦ ᠳᠣᠲᠤᠷ᠎ᠠ 《ᠮᠣᠩᠭᠤᠯ ᠤᠬᠠᠭᠠᠨ》 ᠲᠥᠪ ᠦᠨ ᠲᠥᠯᠦᠭᠡᠯᠡᠭᠴᠢ ᠨᠡᠷ᠎ᠡ ᠪᠡᠷ ᠥᠨᠦ ᠨᠢᠭᠤᠴᠠ ᠲᠤᠷᠰᠢᠭᠤᠯ ᠮᠠᠨᠢ ᠭᠠᠷᠤᠭᠠᠳ ᠢᠷᠡᠳᠡᠭ ᠶᠤᠮ ᠪᠠᠢᠨ᠎ᠠ᠃ ᠶᠠᠭᠤ ᠬᠡᠯᠡᠵᠦ ᠠᠯᠠᠳᠠᠭ ᠪᠣᠯ ᠬᠡᠮᠡᠨ ᠶᠠᠰᠤ ᠬᠠᠪᠲᠠᠯᠵᠠᠵᠤ ᠪᠠᠢᠭᠰᠠᠨ ᠴᠢᠨᠢ ᠰᠠᠨᠠᠭᠰᠠᠨ ᠢ ᠪᠣᠳᠤᠪᠠᠯ ᠨᠠᠳᠠ ᠲᠠᠢ ᠶᠠᠷᠢᠳᠠᠭ ᠰᠢᠭ᠋ ᠢᠶᠠᠨ 《ᠢᠯᠡ ᠲᠣᠳᠤ》 ᠪᠠᠢᠭᠰᠠᠨ ᠦᠭᠡᠢ᠃ ᠡᠨᠡ 《ᠮᠣᠩᠭᠤᠯ ᠤᠬᠠᠭᠠᠨ》 ᠲᠥᠪ ᠦᠨ ᠦᠵᠡᠯ ᠰᠤᠷᠲᠠᠯ ᠤᠨ ᠲᠡᠳᠬᠦᠭᠴᠢ ᠪᠡᠷ ᠤᠷᠢᠳᠤ ᠳᠠᠷᠤᠭ᠎ᠠ ᠳᠠᠭᠠᠭᠠᠮᠠᠯ ᠶᠠᠪᠤᠭᠰᠠᠨ 《ᠢᠵᠠᠭᠤᠷ ᠤᠨ ᠰᠤᠷᠪᠤᠯᠵᠢᠲᠠᠨ ᠨᠤᠭᠤᠳ》 ᠪᠠᠢᠳᠠᠭ ᠰᠤᠷᠠᠭ ᠲᠠᠢ᠃ ᠮᠥᠨ ᠮᠣᠩᠭᠤᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠶᠷᠢᠠᠨ ᠤ ᠭᠡᠰᠢᠭᠦᠨ᠂ ᠬᠠᠲᠠᠭᠤ ᠦᠵᠡᠯ ᠢ ᠨᠣᠮᠯᠠᠭᠴᠢᠳ ᠤᠨ ᠨᠢᠭᠡ ᠭᠣᠣᠯ ᠲᠣᠯᠤᠭᠠᠢᠯᠠᠭᠴᠢ ᠥᠪᠡᠷ ᠦᠨ 《ᠦᠨᠡᠨ》 ᠰᠣᠨᠢᠨ ᠳᠤ ᠪᠢᠴᠢᠬᠦ ᠳᠡᠭᠡᠨ ᠮᠣᠩᠭᠤᠯᠴᠤᠳ ᠤᠨ ᠳᠣᠲᠤᠷ᠎ᠠ ᠬᠠᠮᠤᠭ ᠤᠨ ᠶᠡᠬᠡ ᠬᠡᠯᠮᠡᠭᠳᠡᠵᠦ ᠵᠣᠪᠠᠭᠰᠠᠨ ᠨᠢ

ᠬᠠᠯᠬ᠎ᠠ ᠨᠤᠭᠤᠳ ᠭᠡᠰᠡᠨ ᠨᠡᠭᠡᠭᠡᠯᠲᠡ ᠬᠢᠭᠡᠳ ᠭᠡᠪᠡᠴᠦ ᠵᠣᠪᠠᠵᠤ ᠵᠦᠳᠡᠷᠡᠭᠰᠡᠨ ᠢᠶᠡᠨ ᠣᠭᠲᠤ ᠠᠴᠠ ᠲᠣᠭᠤᠳᠠᠭ ᠦᠭᠡᠢ ᠳ᠋ᠦᠩ ᠨᠢᠷᠤᠭᠤ ᠲᠠᠢ ᠭᠦᠨᠳᠦᠦ ᠦᠭᠡᠢ ᠰᠠᠢᠬᠠᠨ ᠤᠯᠤᠰ ᠨᠢ ᠬᠠᠯᠬ᠎ᠠ ᠨᠤᠭᠤᠳ ᠶᠤᠮ ᠭᠡᠰᠡᠨ ᠳ᠋ᠦᠩᠨᠡᠯᠲᠡ ᠭᠠᠷᠭᠠᠵᠡᠢ᠃
ᠮᠥᠨᠦᠬᠢ ᠤᠯᠠᠭᠠᠨ ᠴᠢᠷᠠᠢᠲᠤ 《ᠲᠣᠳᠤᠷᠬᠠᠢ ᠮᠡᠳᠡᠭᠡᠯᠡᠯ ᠦᠨ ᠢᠶᠡᠨ》 ᠳᠠᠭᠠᠭᠤ ᠠᠢᠯ ᠠᠢᠯ ᠢᠶᠠᠷ ᠣᠷᠤᠵᠤ 《ᠲᠥᠪ ᠬᠠᠯᠬ᠎ᠠ ᠶᠢᠨ ᠦᠵᠡᠯ》 ᠢᠶᠡᠨ ᠨᠣᠮᠨᠠᠭᠰᠠᠭᠠᠷ ᠶᠠᠪᠤᠭ᠎ᠠ ᠭᠡᠨ᠎ᠡ᠃ ᠬᠠᠷᠢᠨ ᠨᠠᠮᠠᠢᠢ ᠮᠥᠨ 《ᠬᠢᠲᠠᠳ ᠤᠨ ᠡᠷᠯᠢᠵᠡ》 ᠶᠢᠨ ᠪᠦᠷᠢᠳᠬᠡᠯ ᠳᠡᠭᠡᠨ ᠣᠷᠤᠭᠤᠯᠴᠢᠬᠠᠭᠰᠠᠨ ᠲᠣᠭᠠᠴᠢᠵᠤ ᠶᠠᠪᠤᠭ᠎ᠠ ᠨᠢ ᠮᠥᠨᠦᠬᠢ ᠥᠪᠡᠷ ᠢ ᠨᠢ ᠬᠥᠭᠡᠭᠡᠵᠦ ᠭᠠᠷᠭᠠᠭᠰᠠᠨ ᠶᠠᠪᠤᠳᠠᠯ ᠲᠠᠢ ᠬᠣᠯᠪᠤᠭᠠᠲᠠᠢ ᠪᠣᠯᠪᠠᠤ?
ᠮᠣᠩᠭᠤᠯ ᠪᠣᠯ ᠨᠢᠭᠡ ᠲᠠᠯ᠎ᠠ ᠠᠴᠠ ᠵᠢᠵᠢᠭ ᠨᠥᠭᠦᠭᠡ ᠲᠠᠯ᠎ᠠ ᠠᠴᠠ ᠲᠣᠮᠤ ᠦᠨᠳᠦᠰᠦᠲᠡᠨ᠃ ᠵᠢᠵᠢᠭ ᠭᠡᠳᠡᠭ ᠦᠨ ᠤᠴᠢᠷ ᠨᠢ ᠬᠦᠮᠦᠨ ᠠᠮᠠ ᠶᠢᠨ ᠲᠣᠭ᠎ᠠ ᠲᠠᠢ ᠬᠣᠯᠪᠤᠭᠠᠲᠠᠢ ᠪᠢᠯᠡ᠃ ᠳᠡᠯᠡᠭᠡᠢ ᠳᠡᠭᠡᠷ᠎ᠡ ᠶᠡᠷᠦ ᠳᠡᠭᠡᠨ 6 ᠰᠠᠶ᠎ᠠ ᠮᠣᠩᠭᠤᠯᠴᠤᠳ ᠣᠷᠤᠰᠢᠨ ᠰᠠᠭᠤᠳᠠᠭ ᠤᠨ ᠭᠤᠷᠪᠠᠨ ᠤ ᠨᠢᠭᠡ ᠨᠢ ᠲᠤᠭᠤᠷᠭ᠎ᠠ ᠲᠤᠰᠠᠭᠠᠷ ᠮᠣᠩᠭᠤᠯ ᠤᠯᠤᠰ ᠲᠤ ᠪᠤᠢ᠃ ᠵᠢᠷᠭᠤᠭ᠎ᠠ ᠴᠤ ᠪᠠᠢ ᠬᠣᠶᠠᠷ ᠴᠤ ᠪᠠᠢ ᠰᠠᠶ᠎ᠠ ᠭᠡᠳᠡᠭ ᠪᠣᠯ ᠳᠯᠡᠡᠬᠡᠢ ᠶᠢᠨ 5 ᠲᠡᠷᠪᠤᠮ ᠬᠦᠮᠦᠨ ᠳᠠᠯᠠᠢ ᠳᠤ ᠲᠤᠩ ᠴᠤ ᠥᠴᠦᠬᠡᠨ ᠲᠣᠭ᠎ᠠ ᠭᠡᠳᠡᠭ ᠨᠢ ᠬᠢᠲᠠᠳ ᠤᠨ ᠬᠤᠨᠠᠨ ᠮᠤᠵᠢ ᠯᠠ 100 ᠰᠠᠶ᠎ᠠ ᠬᠦᠮᠦᠨ ᠲᠡᠢ ᠭᠡᠳ ᠬᠠᠷᠢᠴᠠᠭᠤᠯᠬᠤ ᠳᠤ ᠣᠢᠯᠠᠭᠠᠮᠵᠢᠲᠠᠢ᠃ ᠮᠣᠩᠭᠤᠯ ᠤᠯᠤᠰ ᠭᠠᠵᠠᠷ ᠨᠤᠲᠤᠭ ᠢᠶᠠᠷ ᠢᠶᠠᠨ ᠳᠡᠯᠡᠬᠡᠢ ᠳᠦ 17 ᠳᠤ ᠣᠷᠤᠳᠠᠭ ᠮᠥᠷᠲᠡᠭᠡᠨ ᠬᠦᠮᠦᠨ ᠠᠮᠠ ᠪᠠᠷ ᠢᠶᠠᠨ 117 ᠳᠤ ᠣᠷᠤᠳᠠᠭ᠃ ᠭᠡᠲᠡᠯ᠎ᠡ ᠮᠠᠨᠠᠢ ᠤᠷᠳᠤ ᠣᠷᠤᠵᠤ ᠪᠤᠢ 116 ᠣᠷᠤᠨ ᠳᠤ ᠲᠠᠮᠢᠯ᠂ ᠲᠧᠯᠧᠭᠦ᠋᠂ ᠰᠧᠠᠾᠢᠯᠢ᠂ ᠻᠦᠷᠳ᠋ ᠭᠡᠳ ᠯᠡ ᠲᠤᠭᠤᠷᠭ᠎ᠠ ᠲᠤᠰᠠᠭᠠᠷ ᠪᠢᠰᠢ ᠪᠣᠯᠪᠠᠴᠤ ᠨᠡᠷ᠎ᠡ ᠨᠢ ᠳᠤᠭᠤᠯᠳᠠᠭᠠᠳᠤᠢ ᠮᠥᠷᠲᠡᠭᠡᠨ ᠪᠢᠳᠡᠨ ᠡᠴᠡ ᠬᠠᠪᠢ ᠦᠭᠡᠢ ᠣᠯᠠᠭᠤᠯᠠ ᠦᠨᠳᠦᠰᠦᠲᠡᠨ ᠵᠥᠩᠳᠡᠭᠡᠨ ᠪᠤᠢ ᠰᠢᠦ ᠳᠡ᠃ ᠭᠡᠪᠡᠴᠦ ᠨᠥᠭᠦᠭᠡ ᠲᠠᠯ᠎ᠠ ᠠᠴᠠ ᠮᠣᠩᠭᠤᠯ ᠪᠣᠯ ᠲᠣᠮᠦ ᠦᠨᠳᠦᠰᠦᠲᠡᠨ᠃ ᠳᠡᠯᠡᠬᠡᠢ ᠶᠢᠨ ᠠᠯᠢ ᠴᠤ ᠥᠨᠴᠦᠭ ᠲᠦ ᠣᠴᠢᠭᠠᠳ ᠮᠣᠩᠭᠤᠯ᠂ ᠴᠢᠩᠭᠢᠰ ᠭᠡᠳᠡᠭ ᠬᠣᠶᠠᠷ ᠨᠡᠷ᠎ᠡ ᠶᠢ ᠬᠡᠯᠡᠬᠦ ᠳᠦ ᠮᠡᠳᠡᠬᠦ ᠦᠭᠡᠢ ᠬᠦᠮᠦᠨ ᠲᠡᠢᠮᠦ ᠴᠦ ᠡᠯᠪᠡᠭ ᠪᠠᠢᠬᠤ ᠦᠭᠡᠢ ᠪᠣᠯᠪᠠᠤ! ᠬᠦᠮᠦᠨ ᠲᠥᠷᠦᠯᠬᠢᠲᠡᠨ ᠦ ᠰᠣᠶᠤᠯ ᠢᠷᠭᠡᠨᠰᠢᠯ ᠦᠨ ᠲᠡᠦᠬᠡᠨ ᠳᠦ ᠠᠮᠢᠲᠠᠨ ᠤ ᠳᠦᠷᠰᠦ ᠲᠡᠮᠳᠡᠭ᠂ ᠥᠮᠦᠳᠦ᠂ ᠳᠥᠷᠦᠭᠡ᠂ ᠥᠷᠲᠡᠭᠡ ᠰᠢᠤᠳᠠᠨ ᠠᠴᠠ ᠠᠪᠬᠠᠭᠤᠯᠤᠭᠠᠳ ᠲᠥᠷᠦᠲᠦ ᠶᠣᠰᠤᠨ ᠤ ᠲᠤᠰᠬᠠᠢ ᠰᠤᠷᠭᠠᠭᠤᠯᠢ ᠪᠤᠢ ᠪᠣᠯᠭᠠᠭᠰᠠᠨ ᠤ ᠬᠢ ᠨᠢ ᠬᠤᠪᠢ ᠳᠤ ᠮᠣᠩᠭᠤᠯᠴᠤᠳ ᠢ ᠳᠡᠯᠡᠬᠡᠢ ᠣᠷᠤᠰ᠂ ᠬᠢᠲᠠᠳ᠂ ᠶᠠᠫᠣᠨ᠂ ᠠᠩᠭᠯᠢ᠂ ᠹᠷᠠᠨ᠋ᠼᠠ᠂ ᠠᠮᠧᠷᠢᠻᠠ᠂ ᠠᠷᠠᠪᠴᠤᠳ ᠤᠨ ᠨᠢᠭᠡᠨ ᠠᠳᠠᠯᠢ ᠮᠡᠳᠡᠳᠡᠭ ᠶᠤᠮ᠃ ᠡᠨᠡ ᠲᠣᠮᠤ ᠨᠡᠷ᠎ᠡ ᠬᠦᠨᠳᠦ ᠮᠠᠨᠢ ᠴᠤ ᠲᠡᠦᠬᠡ ᠶᠢᠨ ᠲᠦᠮᠡᠨ ᠨᠤᠭᠤᠴᠢᠶᠠᠨ ᠳᠤ ᠬᠦᠮᠦᠨ ᠪᠦᠯᠢ ᠴᠥᠭᠡᠨ ᠪᠢᠳᠡᠨ ᠢ ᠡᠳᠦᠢ ᠪᠣᠯᠲᠠᠯ᠎ᠠ ᠲᠤᠰᠠᠭᠠᠷ ᠪᠠᠢᠯᠭᠠᠭᠰᠠᠨ ᠤ ᠨᠢᠭᠡ ᠨᠢᠭᠤᠴᠠ ᠴᠤ ᠶᠤᠮ ᠪᠢᠯᠢᠦ?
ᠭᠡᠪᠡᠴᠦ ᠲᠣᠮᠤ ᠮᠥᠷᠲᠡᠭᠡᠨ ᠵᠢᠵᠢᠭ᠂ ᠵᠢᠵᠢᠭ ᠮᠥᠷᠲᠡᠭᠡᠨ ᠲᠣᠮᠤ ᠮᠣᠩᠭᠤᠯᠴᠤᠳ ᠪᠢᠳᠡ ᠶᠡᠷᠦ ᠪᠤᠰᠤ ᠶᠢᠨ ᠬᠠᠴᠢᠨ ᠠᠪᠤᠷᠢ ᠲᠠᠢ ᠦᠨᠳᠦᠰᠦᠲᠡᠨ᠃ ᠠᠳᠠᠯᠢᠬᠠᠨ ᠮᠣᠩᠭᠤᠯᠴᠤᠳ ᠪᠠᠢᠵᠢ ᠵᠢᠯᠠᠭᠠᠰᠠᠭ ᠨᠤᠲᠤᠭᠰᠠᠭ ᠦᠵᠡᠯ ᠪᠢᠳᠡᠨ ᠦ ᠴᠢᠰᠤᠨ ᠳᠤ ᠶᠣᠰᠤᠲᠠᠢ ᠭᠠᠭᠠᠷᠠᠭᠤ! ᠶᠠᠮᠠᠷ ᠰᠠᠢᠨ ᠳᠠᠭᠠᠨ ᠮᠣᠩᠭᠤᠯᠴᠤᠳ ᠤᠨ ᠪᠠᠷᠤᠭ ᠪᠦᠬᠦ ᠲᠡᠦᠬᠡ ᠥᠪᠡᠷ ᠬᠣᠭᠤᠷᠤᠨᠳᠤ ᠶᠢᠨ ᠲᠡᠮᠡᠴᠡᠯ ᠲᠤᠯᠤᠭᠠᠨ ᠤ ᠲᠡᠦᠬᠡ ᠪᠠᠢᠬᠤᠪ ᠳᠡ!

ᠬᠣᠭᠤᠷᠤᠨᠳᠤ ᠪᠠᠨ ᠪᠦᠯᠦᠭᠷᠡᠷᠬᠡᠬᠦ ᠳᠡᠭᠡᠨ ᠵᠠᠷᠢᠮ ᠳᠠᠭᠠᠨ ᠡᠷᠡᠭᠦᠯ ᠪᠠᠢᠨᠠᠤ ᠭᠡᠵᠦ ᠪᠣᠳᠤᠭᠳᠠᠮᠠᠷ᠃ ᠭᠤᠴᠢᠭᠠᠳ ᠣᠨ ᠤ ᠦᠶ᠎ᠡ ᠳᠦ ᠲᠦᠭᠦᠬᠡᠢ ᠡᠳ᠋ ᠢ ᠬᠢᠯᠪᠠᠷ ᠪᠥᠭᠡᠮᠨᠡᠭᠦᠯᠦᠨ ᠲᠠᠲᠠᠬᠤ ᠦᠨᠳᠦᠰᠦᠨ ᠳᠡᠭᠡᠷ᠎ᠡ ᠨᠢᠭᠡ ᠣᠷᠤᠰ ᠡᠳ᠋ ᠦᠨ ᠵᠠᠰᠠᠭᠴᠢ ᠮᠣᠩᠭᠤᠯ ᠢ 13 ᠠᠢᠮᠠᠭ ᠲᠤ ᠬᠤᠪᠢᠶᠠᠭᠰᠠᠨ ᠨᠢ ᠥᠨᠦ ᠶᠢᠨ ᠪᠢᠳᠡᠨ ᠦ ᠠᠷᠤᠬᠠᠩᠭᠠᠢ ᠶᠢᠨ ᠬᠢᠨ᠂ ᠪᠤᠯᠠᠭᠠᠨ ᠤ ᠬᠢᠨ᠂ ᠵᠠᠪᠬᠠᠨ ᠤ ᠬᠢᠨ ᠪᠣᠯᠵᠤ ᠲᠠᠯᠠᠴᠠᠬᠤ ᠶᠢᠨ ᠡᠬᠢ ᠡᠭᠦᠰᠪᠦᠷᠢ ᠪᠣᠯᠤᠭᠰᠠᠨ ᠨᠢ ᠢᠨᠢᠶᠡᠳᠦᠲᠡᠢ ᠴᠦ ᠡᠮᠭᠡᠨᠢᠯᠲᠡᠢ᠃ ᠮᠣᠩᠭᠤᠯ ᠤᠨ ᠬᠠᠮᠤᠭ ᠤᠨ ᠲᠣᠮᠤ ᠬᠡᠯᠡ ᠰᠢᠨᠵᠢᠭᠡᠴᠢ ᠳᠡᠭᠡᠷ᠎ᠡ ᠣᠴᠢᠪᠠᠯ ᠨᠥᠭᠦᠭᠡ ᠨᠢᠭᠡ ᠲᠣᠮᠤ ᠬᠡᠯᠡ ᠰᠢᠨᠵᠢᠭᠡᠴᠢ ᠶᠢᠨ ᠲᠤᠬᠠᠢ ᠬᠠᠮᠤᠭ ᠤᠨ ᠣᠯᠬᠢᠶ᠎ᠠ ᠦᠭᠡᠢ ᠦᠭᠡ ᠶᠢ ᠰᠣᠨᠤᠰᠴᠤ ᠪᠣᠯᠤᠨ᠎ᠠ᠃ ᠬᠣᠶᠠᠷ ᠲᠣᠮᠤ ᠲᠡᠦᠬᠡᠴᠢ ᠪᠡᠶᠡᠨ ᠢ ᠪᠡᠨ ᠦᠵᠡᠬᠦ ᠦᠭᠡᠢ᠃ ᠮᠣᠩᠭᠤᠯ ᠤᠨ ᠬᠠᠮᠤᠭ ᠤᠨ ᠲᠣᠮᠤ ᠲᠣᠭᠠᠴᠢ ᠳᠡᠭᠡᠷ᠎ᠡ ᠣᠴᠢᠪᠠᠯ ᠲᠣᠭᠠᠨ ᠤ ᠲᠠᠯ᠎ᠠ ᠪᠠᠷ ᠠᠩᠬᠠᠨ ᠤ ᠮᠡᠳᠡᠭᠳᠡᠬᠦᠨ ᠦᠭᠡᠢ ᠴᠢᠮᠠᠢᠢ ᠪᠠᠰᠠ ᠨᠢᠭᠡ ᠮᠣᠩᠭᠤᠯ ᠤᠨ ᠲᠣᠮᠤ ᠲᠣᠭᠠᠴᠢ ᠠᠴᠠ ᠳᠡᠭᠡᠷ᠎ᠡ ᠳᠦ ᠲᠣᠭᠠᠴᠠᠵᠤ ᠴᠠᠭᠠᠳᠤᠬᠢ ᠶᠢ ᠪᠠᠨ ᠲᠣᠭ᠎ᠠ ᠪᠣᠳᠤᠬᠤ ᠲᠠᠯ᠎ᠠ ᠪᠠᠷ ᠦᠭᠡᠷ ᠡᠴᠡ ᠨᠢᠭᠡ ᠶᠡᠬᠡ ᠳᠡᠭᠡᠷ᠎ᠡ ᠦᠭᠡᠢ ᠭᠡᠵᠦ ᠮᠡᠳᠬᠡᠨ᠎ᠡ᠃ ᠮᠠᠨᠠᠢ ᠳᠤ ᠪᠠᠩᠬᠢ ᠠᠪᠤᠭᠠᠳ ᠶᠠᠪᠤᠵᠤ ᠴᠢᠳᠠᠬᠤᠢᠴᠠ ᠴᠢᠳᠠᠯ ᠲᠠᠢ ᠮᠡᠳᠡᠯᠭᠡ ᠲᠡᠢ ᠬᠦᠮᠦᠨ ᠬᠣᠶᠠᠷ ᠭᠤᠷᠪᠠ ᠠᠴᠠ ᠬᠡᠲᠦᠷᠡᠭᠦ ᠦᠭᠡᠢ ᠪᠣᠯᠪᠠᠴᠤ ᠠᠯᠢ ᠨᠢᠭᠡ ᠲᠡᠢ ᠨᠢ ᠠᠭᠤᠯᠵᠠᠪᠠᠯ ᠨᠥᠭᠦᠭᠡ ᠳᠠᠷᠤᠭ᠎ᠠ ᠪᠣᠯᠤᠭᠰᠠᠨ ᠪᠠᠩᠬᠢᠷ ᠢ ᠪᠠᠨ ᠪᠠᠩᠬᠢ ᠲᠣᠯᠤᠭᠠᠢᠯᠠᠵᠤ ᠪᠠᠢᠭᠰᠠᠨ ᠠᠴᠠ ᠪᠠᠩᠬᠢᠨ ᠤ ᠪᠠᠷᠢᠯᠭ᠎ᠠ ᠬᠠᠮᠢᠭ᠎ᠠ ᠪᠠᠢᠳᠠᠭ ᠢ ᠵᠢᠭᠠᠴᠢᠬᠠᠵᠤ ᠴᠢᠳᠠᠬᠤ ᠦᠭᠡᠢ ᠴᠢᠮᠠᠢᠢ ᠬᠠᠮᠢᠶ᠎ᠠ ᠦᠭᠡᠢ ᠢᠯᠡᠭᠦᠦ ᠳᠡᠭᠡᠷ᠎ᠡ ᠪᠠᠢᠬᠤ ᠪᠣᠯᠤᠨ᠎ᠠ ᠭᠡᠵᠦ ᠪᠦᠬᠦ ᠲᠠᠯ᠎ᠠ ᠪᠠᠷ ᠪᠠᠲᠤᠯᠠᠨ᠎ᠠ᠃ ᠲᠠᠮᠤ ᠶᠢᠨ ᠲᠣᠭᠤᠭᠠᠨ ᠳᠤ ᠰᠠᠭᠤᠵᠤ᠂ ᠥᠭᠡᠳᠡ ᠪᠡᠨ ᠭᠠᠷᠬᠤ ᠭᠡᠰᠡᠨ ᠨᠢᠭᠡᠨ ᠦ ᠪᠡᠨ ᠬᠥᠯ ᠡᠴᠡ ᠴᠢᠩᠭᠠᠭᠠᠭᠴᠢ ᠬᠥᠭᠡᠷᠦᠬᠦᠢ ᠪᠢᠳᠡᠨ ᠦ ᠮᠣᠩᠭᠤᠯᠴᠤᠳ! ᠪᠤᠷᠢᠶᠠᠳ ᠬᠦᠮᠦᠨ ᠶᠡᠷᠦᠩᠬᠡᠢ ᠰᠠᠢᠳ ᠪᠣᠯᠴᠢᠬᠠᠯ᠎ᠠ ᠭᠡᠵᠦ ᠪᠣᠭᠤᠵᠤ ᠦᠬᠦᠬᠦ ᠨᠢ ᠬᠣᠯᠠ ᠦᠭᠡᠢ ᠮᠥᠷᠲᠡᠭᠡᠨ ᠣᠷᠤᠰ ᠠᠪᠠᠭᠠᠢ ᠲᠣᠯᠤᠭᠠᠢ ᠳᠡᠭᠡᠷ᠎ᠡ ᠨᠢ ᠵᠠᠢᠳᠠᠯᠠᠴᠢᠬ᠎ᠠ ᠪᠠᠷ ᠣᠭᠲᠤ ᠲᠣᠭᠤᠬᠤ ᠦᠭᠡᠢ᠂ ᠬᠠᠷᠢᠨ ᠴᠤ ᠤᠷᠤᠯᠳᠤᠵᠤ ᠣᠴᠢᠵᠤ ᠪᠡᠶᠡᠨ ᠢ ᠪᠡᠨ ᠮᠠᠲᠠᠭᠠᠳ ᠯᠠ!
ᠬᠠᠯᠬ᠎ᠠ ᠶᠢᠨ ᠲᠤᠬᠠᠢ ᠠᠰᠠᠭᠤᠳᠠᠯ! ᠥᠨᠦᠳᠦᠷ ᠮᠠᠨᠠᠢ ᠬᠦᠮᠦᠨ ᠠᠮᠠ ᠶᠢᠨ ᠪᠠᠷᠤᠭ ᠨᠠᠶ᠎ᠠ ᠰᠢᠬᠠᠭᠤ ᠬᠤᠪᠢ ᠨᠢ ᠬᠠᠯᠬᠠᠴᠤᠳ᠃ ᠬᠦᠮᠦᠨ ᠠᠮᠠ ᠶᠢᠨ ᠦᠨᠡᠮᠯᠡᠬᠦᠢ ᠳᠡᠢᠯᠦᠩᠬᠢ ᠣᠯᠠᠩᠬᠢ ᠨᠢ ᠭᠡᠰᠡᠨ ᠦᠭᠡ᠃ ᠪᠤᠷᠢᠶᠠᠳ᠂ ᠲᠣᠷᠭᠤᠳ᠂ ᠪᠠᠶᠠᠳ ᠤᠨ ᠬᠡᠨ ᠨᠢ ᠴᠦ ᠬᠠᠯᠬ᠎ᠠ ᠶᠢ ᠲᠦᠰᠢᠨ᠎ᠡ᠃ ᠭᠡᠲᠡᠯ᠎ᠡ ᠬᠠᠯᠬᠠᠴᠤᠳ ᠲᠡᠳᠡᠨ ᠢ ᠭᠠᠳᠠᠭᠤᠷᠬᠠᠵᠤ ᠪᠠᠢᠬᠤ ᠭᠡᠵᠢ ᠳᠡ᠃ ᠦᠨᠳᠦᠰᠦ ᠤᠭᠰᠠᠭ᠎ᠠ ᠪᠠᠨ ᠶᠠᠷᠢᠪᠠᠯ ᠠᠳᠠᠯᠢᠬᠠᠨ ᠮᠣᠩᠭᠤᠯᠴᠤᠳ᠃ ᠨᠤᠲᠤᠭ ᠤᠨ ᠬᠡᠯᠡ ᠠᠶᠠᠯᠭ᠎ᠠ᠂ ᠥᠪᠡᠷᠮᠢᠴᠡ ᠶᠣᠰᠤ ᠵᠠᠩᠰᠢᠯ ᠤᠨ ᠬᠤᠪᠢ ᠳᠤ ᠬᠦᠮᠦᠨ ᠦ ᠣᠯᠠᠨ ᠢᠶᠠᠷ ᠬᠠᠯᠬ᠎ᠠ ᠨᠤᠭᠤᠳ ᠯᠠ ᠲᠡᠳᠡᠨ ᠢ ᠲᠦᠷᠢᠵᠦ ᠪᠠᠢᠭ᠎ᠠ ᠪᠣᠯᠬᠤ ᠠᠴᠠ ᠳᠥᠷᠪᠡᠳ᠂ ᠥᠭᠡᠯᠡᠳ᠂ ᠳᠠᠷᠢᠭᠠᠩᠭᠠᠴᠤᠳ ᠠᠴᠠ ᠠᠶᠤᠯ ᠵᠠᠨᠤᠯ ᠤᠴᠠᠷᠠᠭᠤᠯᠤᠭᠠᠳ ᠪᠠᠢᠭ᠎ᠠ ᠶᠠᠭᠤᠮ᠎ᠠ ᠣᠭᠲᠤ ᠪᠠᠢᠬᠤ ᠦᠭᠡᠢ᠃ ᠥᠪᠡᠷ ᠦᠨ ᠥᠪᠡᠷᠮᠢᠴᠡ ᠠᠶᠠᠯᠭ᠎ᠠ᠂ ᠵᠠᠩᠰᠢᠯ ᠢᠶᠠᠨ ᠬᠠᠯᠬ᠎ᠠ ᠶᠢᠨ ᠲᠦᠷᠢᠯᠭᠡ ᠳᠦ ᠳᠠᠭᠠᠷᠢᠭᠤᠯᠴᠢᠬ᠎ᠠ ᠦᠭᠡᠢ ᠶᠢᠨ ᠲᠤᠯᠠᠳᠠ ᠲᠡᠳᠡ ᠥᠪᠡᠷᠰᠡᠳ ᠦᠨ ᠬᠣᠯᠪᠤᠭ᠎ᠠ ᠶᠢ ᠪᠠᠢᠭᠤᠯᠬᠤ ᠡᠷᠬᠡ ᠲᠡᠢ ᠪᠡᠷ ᠪᠠᠷᠠᠬᠤ ᠦᠭᠡᠢ ᠵᠠᠢᠯᠠᠰᠢ ᠦᠭᠡᠢ ᠱᠠᠭᠠᠷᠳᠠᠯᠭᠠᠲᠠᠢ᠃ ᠢᠩᠭᠢᠭᠰᠡᠨ ᠦ ᠬᠢ ᠨᠢ ᠲᠥᠯᠦᠭᠡ ᠲᠡᠳᠡᠨ ᠢ

ᠬᠠᠯᠬᠠᠴᠤᠳ ᠤᠨ ᠵᠦᠭ ᠡᠴᠡ ᠪᠤᠷᠤᠭᠤᠳᠬᠠᠬᠤ᠂ ᠰᠥᠷᠭᠡᠯᠳᠦᠬᠦ ᠮᠠᠶᠢᠬ ᠢᠶᠠᠷ ᠶᠠᠩᠵᠤ ᠪᠦᠷᠢ ᠶᠢᠨ ᠬᠣᠯᠪᠤᠭ᠎ᠠ ᠤᠷᠳᠤ ᠠᠴᠠ ᠨᠢ ᠪᠠᠢᠭᠤᠯᠵᠤ ᠬᠦᠴᠦ ᠪᠡᠨ ᠦᠵᠡᠬᠦ ᠨᠢ ᠳᠠᠩᠴᠢ ᠠᠷᠠᠴᠢᠭ᠎ᠠ ᠦᠭᠡᠢ ᠬᠡᠷᠡᠭ᠃ ᠮᠣᠩᠭᠤᠯ ᠭᠡᠳᠡᠭ ᠨᠡᠷ᠎ᠡ ᠶᠢ ᠬᠠᠯᠬᠠᠴᠤᠳ ᠥᠪᠡᠷ ᠲᠡᠭᠡᠨ ᠳᠠᠩᠨᠠᠨ ᠥᠮᠴᠢᠯᠡᠬᠦ ᠡᠷᠬᠡ ᠦᠭᠡᠢ᠃ ᠲᠡᠷᠡᠨ ᠳᠡᠭᠡᠷ᠎ᠡ ᠪᠡᠨ ᠲᠤᠯᠪᠠᠯ ᠣᠢᠷᠠᠳ ᠤᠳ ᠬᠠᠯᠬ᠎ᠠ ᠶᠢ ᠪᠣᠳᠤᠪᠠᠯ ᠢᠯᠡᠭᠦᠦ ᠮᠣᠩᠭᠤᠯ ᠪᠢᠴᠢᠭ ᠦᠨ ᠬᠡᠯᠡᠨ ᠳᠦ ᠳᠥᠬᠦᠬᠦᠦ ᠶᠠᠷᠢᠳᠠᠭ ᠪᠠᠢᠬ᠎ᠠ ᠰᠢᠦ! ᠮᠣᠩᠭᠤᠯ ᠦᠨᠳᠦᠰᠦᠲᠡᠨ ᠭᠡᠳᠡᠭ ᠨᠡᠷ᠎ᠡ ᠬᠠᠯᠬ᠎ᠠ᠂ ᠣᠢᠷᠠᠳ᠂ ᠥᠪᠦᠷ ᠮᠣᠩᠭᠤᠯ᠂ ᠮᠣᠭᠤᠯ᠂ ᠬᠠᠯᠢᠮᠠᠭ᠂ ᠲᠠᠩᠨᠤ ᠤᠷᠢᠶᠠᠩᠬᠠᠢ᠂ ᠪᠤᠷᠢᠶᠠᠳ ᠠᠯᠢᠨ ᠳᠤᠨᠢ ᠴᠤ ᠬᠣᠯᠪᠤᠭᠠᠲᠠᠢ᠃ ᠮᠣᠩᠭᠤᠯ ᠤᠯᠤᠰ ᠭᠡᠳᠡᠭ ᠨᠡᠷ᠎ᠡ ᠬᠢᠲᠠᠳ᠂ ᠣᠷᠤᠰ ᠤᠨ ᠡᠷᠯᠢᠵᠡ ᠬᠤᠷᠯᠢᠵᠠ ᠴᠤ ᠪᠠᠢ᠂ ᠬᠠᠯᠬ᠎ᠠ᠂ ᠳᠥᠷᠪᠡᠳ᠂ ᠵᠠᠬᠠᠴᠢᠨ᠂ ᠦᠵᠦᠮᠦᠴᠢᠨ ᠴᠦ ᠪᠠᠢ ᠡᠨᠡ ᠣᠷᠤᠨ ᠤ ᠢᠷᠭᠡᠨ ᠬᠦᠮᠦᠨ ᠪᠦᠬᠦᠨ ᠳᠦ ᠬᠠᠮᠢᠶ᠎ᠠ ᠲᠠᠢ᠃ ᠮᠣᠩᠭᠤᠯ ᠥᠪᠡᠷ ᠦᠨ ᠥᠬᠢᠳ ᠬᠥᠪᠡᠭᠦᠳ ᠢ ᠡᠬᠡ ᠣᠷᠤᠨ ᠳᠠᠭᠠᠨ ᠠᠯᠢ ᠬᠢᠷᠢ ᠬᠠᠢᠷᠠᠲᠠᠢ᠂ ᠠᠯᠢ ᠬᠢᠷᠢ ᠦᠨᠡᠨᠴᠢ ᠪᠠᠢᠭ᠎ᠠ ᠪᠠᠷ ᠨᠢ ᠦᠨᠡᠯᠡᠵᠦ ᠴᠡᠩᠨᠡᠬᠦ ᠪᠣᠯᠬᠤ ᠠᠴᠠ ᠴᠢᠰᠤᠨ ᠤ ᠬᠢ ᠨᠢ ᠨᠠᠢᠷᠠᠯᠭ᠎ᠠ ᠪᠠᠷ ᠳ᠋ᠤᠭᠠᠷᠯᠠᠬᠤ ᠦᠭᠡᠢ᠃
ᠴᠥᠭᠡᠨ ᠬᠦᠮᠦᠨ ᠲᠡᠢ᠂ ᠬᠦᠴᠦ ᠪᠠᠭᠤᠷᠠᠢ ᠪᠢᠳᠡ ᠡᠨᠡ ᠡᠬᠡ ᠣᠷᠤᠨ ᠤ ᠲᠤᠰᠠᠭᠠᠷ ᠲᠣᠭᠲᠠᠨᠢᠯ ᠢ ᠬᠦᠴᠦ ᠲᠠᠮᠢᠷ ᠢᠶᠠᠷ ᠬᠠᠮᠠᠭᠠᠯᠠᠵᠤ ᠴᠢᠳᠠᠬᠤ ᠦᠭᠡᠢ᠃ ᠭᠠᠭᠴᠠᠬᠦ ᠨᠠᠷᠢᠨ ᠤᠬᠠᠭᠠᠨ ᠢᠶᠠᠷ ᠯᠠ ᠡᠬᠡ ᠣᠷᠤᠨ ᠢᠶᠠᠨ ᠠᠪᠴᠤ ᠶᠠᠪᠤᠵᠤ ᠴᠢᠳᠠᠨ᠎ᠠ᠃ ᠮᠠᠭᠤ ᠵᠦᠭ ᠦᠨ ᠲᠨᠭᠷᠢ ᠡᠨᠡ ᠣᠷᠤᠨ ᠤ ᠲᠤᠰᠠᠭᠠᠷ ᠲᠣᠭᠲᠠᠨᠢᠯ ᠢ ᠠᠯᠳᠠᠭᠳᠠᠭᠤᠯᠬᠤ ᠭᠡᠵᠦ ᠵᠢᠰᠦᠨ ᠵᠦᠢᠯ ᠦᠨ ᠤᠷᠪᠠᠭᠴᠢᠳ ᠢ ᠲᠡᠦᠬᠡ ᠶᠢᠨ ᠶᠠᠩᠵᠤ ᠪᠦᠷᠢ ᠶᠢᠨ ᠦᠶ᠎ᠡ ᠳᠦ ᠢᠯᠡᠭᠡᠵᠦ ᠪᠠᠢᠭᠰᠠᠨ ᠠᠪᠠᠴᠤ ᠪᠠᠷᠠᠭᠠᠳᠤᠢ ᠶᠤᠮ᠃ ᠲᠡᠭᠡᠭᠡᠳ ᠪᠣᠯᠬᠤ ᠦᠭᠡᠢ ᠪᠣᠯᠬᠤᠷ ᠨᠢ ᠤᠯᠤᠰ ᠤᠨ ᠮᠢᠨᠢ ᠲᠤᠰᠠᠭᠠᠷ ᠲᠣᠭᠲᠠᠨᠢᠯ ᠢ ᠠᠯᠳᠠᠭᠳᠠᠭᠤᠯᠬᠤ ᠪᠠᠷ ᠡᠨᠡ ᠤᠳᠠᠭ᠎ᠠ ᠴᠡᠭᠡᠵᠢ ᠪᠡᠨ ᠳᠡᠯᠡᠳᠦᠭᠰᠡᠨ ᠡᠬᠡ ᠣᠷᠤᠨᠴᠢᠳ᠂ ᠴᠢᠰᠤ ᠰᠢᠨᠵᠢᠭᠡᠴᠢᠳ ᠢ ᠢᠯᠡᠭᠡᠭᠰᠡᠨ ᠶᠤᠮ ᠪᠢᠰᠢ ᠪᠠᠢᠭ᠎ᠠ?

ᠪᠠᠭᠠᠪᠠᠷ