Laman

ᠮᠣᠩᠭᠤᠯ ᠨᠣᠬᠠᠶ

0 ᠰᠡᠳᠭᠢᠭᠳᠡᠯ

ᠮᠤᠩᠭᠤᠯᠴᠤᠳ ᠨᠤᠬᠠᠢ᠎ ᠢᠢ ᠭᠡᠷᠰᠢᠭᠦᠯᠦᠨ ᠲᠡᠵᠢᠭᠡᠵᠦ᠂ ᠢᠳ᠋ ᠬᠦᠷᠦᠩᠭᠡ ᠪᠠᠨ ᠬᠠᠮᠠᠭᠠᠯᠠᠬᠤ᠂ ᠠᠩ ᠠᠩᠭᠨᠠᠬᠤ᠂ ᠮᠠᠯ ᠬᠠᠷᠢᠭᠤᠯᠠᠬᠤ᠎ᠳ᠋ᠤ ᠠᠰᠢᠭᠯᠠᠵᠤ ᠢᠷᠡᠭᠰᠡᠨ ᠦᠨᠢ ᠡᠷᠲᠡᠨ ᠤ ᠤᠯᠠᠮᠵᠢᠯᠠᠯ ᠲᠠᠢ᠃ ᠮᠤᠩᠭᠤᠯ ᠨᠤᠲᠤᠭ ᠳ᠋ᠠᠬᠢ ᠬᠠᠳᠠᠨ ᠤ ᠰᠦᠭ ᠵᠢᠷᠤᠭ ᠲᠤ ᠨᠤᠬᠠᠢ ᠳᠠᠭᠠᠭᠤᠯᠤᠨ ᠠᠩ ᠠᠩᠨ᠌ᠠᠵᠤ ᠶᠠᠪᠤᠭ᠎ᠠ ᠬᠦᠮᠦᠨ ᠦ ᠳᠦᠷᠰᠦᠯᠡᠯ ᠴᠦᠭᠡᠨ ᠦᠭᠢ ᠪᠤᠢ᠃ ᠨᠤᠬᠠᠢ ᠢᠢ ᠡᠵᠡᠨ ᠳ᠋ᠡᠭᠡᠨ ᠦᠨᠡᠨᠴᠢ ᠠᠮᠢᠲᠠᠨ ᠬᠡᠮᠡᠨ ᠦᠵᠡᠵᠦ᠂ ᠤᠴᠢᠷ ᠰᠢᠯᠲᠠᠭᠠᠨ ᠦᠭᠢ ᠤᠰᠠᠳᠬᠠᠬᠤ᠂ ᠴᠤᠬᠢᠵᠤ ᠵᠤᠳᠤᠬᠤ ᠢᠢ ᠴᠡᠭᠡᠷᠯᠡᠳᠡᠭ᠃ ᠤᠯᠠᠨ ᠵᠠᠭᠤᠨ ᠵᠢᠯ ᠤᠨ ᠲᠤᠷᠰᠢ ᠬᠡᠭᠦᠳᠡᠯᠴᠢᠨ ᠠᠷᠠᠳ ᠤᠨ ᠠᠮᠢᠳᠷᠠᠯ ᠠᠬᠤᠢ ᠳ᠋ᠤ ᠬᠠᠮᠳᠤ ᠪᠠᠢᠢᠭᠰᠠᠭᠠᠷ ᠢᠷᠡᠭᠰᠡᠨ ᠨᠤᠬᠠᠢ ᠲᠠᠢ ᠬᠤᠯᠪᠤᠭ᠎ᠠ ᠪᠦᠬᠦᠢ ᠵᠠᠩ ᠦᠢᠯᠡ᠂ ᠶᠤᠰᠤ ᠵᠢᠷᠤᠮ ᠤᠨ ᠵᠦᠢᠯ ᠤᠯᠠᠨ ᠪᠤᠢ᠃ ᠵᠢᠰᠢᠶᠡᠯᠪᠡᠯ᠄ ᠴᠠᠭᠠᠨ ᠰᠠᠷ᠎ᠠ ᠪᠠᠷ 《ᠨᠤᠬᠠᠢ ᠶᠢᠨ ᠬᠤᠪᠢ》 ᠬᠡᠮᠡᠨ ᠲᠤᠰᠭᠠᠢ ᠬᠤᠭᠠᠯᠠ ᠦᠭᠳᠡᠭ᠃ ᠨᠤᠬᠤᠢ ᠪᠠᠨ ᠦᠬᠦᠬᠦ ᠳ᠋ᠦ ᠬᠦᠮᠦᠨ ᠪᠤᠯᠵᠤ ᠲᠦᠷᠦᠬᠦ ᠢᠢ ᠪᠢᠯᠢᠭᠳᠡᠨ ᠰᠡᠭᠦᠯ ᠢ ᠨᠢ ᠲᠡᠷᠡᠯᠡᠭᠦᠯᠦᠭᠡᠳ ᠠᠮᠠᠨ ᠳ᠋ᠤ ᠨᠢ ᠦᠭᠡᠬᠦ ᠡᠮᠬᠦᠭᠦᠯᠵᠦ ᠪᠠᠷᠠᠭᠤᠨ ᠬᠤᠢᠳᠤ ᠵᠦᠭ ᠳᠦ ᠡᠩᠭᠡᠷ ᠭᠠᠵᠠᠷ ᠲᠤ ᠤᠷᠤᠰᠢᠭᠤᠯᠳᠠᠭ ᠠᠵᠠᠢ᠃